《ᠮᠤᠷᠢᠨ ᠬᠤᠭᠤᠷ 》
ᠨᠡᠶᠢᠲᠡᠯᠡᠭᠰᠡᠨ ᠴᠠᠭ᠄
2020/7/28
    ᠠᠷᠠᠳ ᠤᠨ ᠠᠮᠠᠨ ᠦᠯᠢᠭᠡᠷ᠃ ᠤᠭ ᠵᠤᠬᠢᠶᠠᠯ ᠢ 1962 ᠤᠨ ᠤ ᠱᠠᠩᠬᠠᠢ ᠶᠢᠨ ᠤᠷᠠᠯᠢᠭ ᠤᠨ ᠬᠡᠪᠯᠡᠯ ᠤᠨ ᠬᠤᠷᠢᠶᠠᠨ ᠳᠤ ᠬᠡᠪᠯᠡᠭᠦᠯᠦᠭᠰᠡᠨ《 ᠮᠤᠩᠭᠤᠯ ᠦᠨᠳᠦᠰᠦᠲᠡᠨ ᠤ ᠠᠷᠠᠳ ᠤᠨ ᠠᠮᠠᠨ ᠵᠤᠬᠢᠶᠠᠯ ᠤᠨ ᠲᠡᠭᠦᠪᠦᠷᠢ》 ᠳᠤ ᠦᠵᠡ᠃ ᠡᠭᠦᠨ ᠳᠤ ᠮᠤᠩᠭᠤᠯ ᠤᠯᠠᠮᠵᠢᠯᠠᠯᠲᠤ ᠬᠦᠭᠵᠢᠮ ᠤᠨ ᠵᠡᠪᠰᠡᠭ ᠪᠤᠯᠬᠤ ᠮᠤᠷᠢᠨ ᠬᠤᠭᠤᠷ ᠤᠨ ᠢᠷᠡᠯ ᠭᠠᠷᠤᠯ ᠢ ᠲᠤᠳᠤᠷᠬᠠᠢ ᠳᠦᠷᠰᠦᠯᠡᠨ ᠪᠢᠴᠢᠭᠰᠡᠨ ᠪᠠᠶᠢᠨ᠎ᠠ᠃ ᠡᠷᠲᠡ ᠤᠷᠢᠲᠤ ᠶᠢᠨ ᠴᠠᠭ ᠲᠤ᠂ ᠨᠢᠭᠡᠨ ᠶᠠᠳᠠᠭᠤ ᠮᠠᠯᠴᠢᠨ ᠨᠢᠭᠡᠨ ᠬᠦᠭᠡᠷᠦᠭᠦᠨ ᠰᠠᠷᠡᠯ ᠲᠠᠵᠢᠭᠡᠵᠦ ᠪᠠᠶᠢᠵᠠᠢ᠂ ᠦᠨᠦᠬᠢ ᠰᠠᠷᠠᠯ ᠬᠦᠯᠦᠭ ᠨᠢ ᠮᠠᠯᠴᠢᠨ ᠢ ᠬᠠᠮᠵᠢᠵᠤ ᠬᠤᠨᠢᠨ ᠰᠦᠷᠦᠭ ᠲᠤ ᠬᠠᠯᠳᠠᠬᠤ ᠴᠢᠨ᠋ᠸ᠎ᠠ ᠶᠢ ᠬᠦᠭᠡᠭᠡᠨ ᠵᠠᠶᠢᠯᠠᠭᠤᠯᠵᠤ᠂ ᠬᠤᠨᠢᠨ ᠰᠦᠷᠦᠭ ᠢᠶᠠᠨ ᠬᠠᠮᠠᠭᠠᠯᠠᠬᠤ ᠴᠢᠳᠠᠯ ᠲᠠᠢ ᠪᠠᠶᠢᠭᠰᠠᠨ ᠶᠤᠮ᠃ ᠤᠳᠠᠭ᠎ᠠ ᠪᠦᠷᠢ ᠶᠢᠨ ᠮᠤᠷᠢᠨ ᠤᠷᠤᠯᠳᠤᠭᠠᠨ ᠳᠤ ᠲᠡᠷᠢᠭᠦᠯᠡᠳᠡᠭ  ᠤᠴᠢᠷ ᠠᠴᠠ ᠸᠠᠩ ᠨᠤᠶᠠᠨ ᠰᠠᠷᠠᠯ ᠬᠦᠯᠦᠭ ᠢ ᠪᠤᠯᠢᠶᠠᠨ ᠠᠪᠠᠴᠢᠪᠠ᠃ ᠰᠠᠷᠠᠯ ᠡᠵᠡᠨ ᠢᠶᠠᠨ ᠰᠠᠨᠠᠨ ᠮᠦᠷᠦᠭᠡᠳᠴᠦ᠂ ᠡᠴᠦᠰ ᠲᠤ ᠸᠠᠩ ᠨᠤᠶᠠᠨ ᠢ ᠮᠤᠷᠢᠨ ᠨᠢᠷᠤᠭᠤᠨ ᠠᠴᠠ ᠬᠠᠶᠠᠭᠠᠳ ᠡᠵᠡᠨ ᠤ ᠪᠠᠨ ᠲᠡᠷᠭᠡᠲᠡ ᠪᠤᠴᠠᠨ ᠢᠷᠡᠵᠡᠢ᠃ ᠸᠠᠩ ᠨᠤᠶᠠᠨ ᠶᠡᠬᠡᠪᠡᠷ ᠬᠤᠷᠤᠰᠴᠤ ᠵᠠᠨᠤᠵᠤ᠂ ᠰᠠᠷᠠᠯ ᠬᠦᠯᠦᠭ ᠢ ᠦᠪᠡᠷ ᠢᠶᠠᠨ ᠡᠳ᠋ᠯᠡᠵᠦ ᠴᠢᠳᠠᠬᠤ ᠦᠭᠡᠢ ᠲᠤᠯᠠ ᠬᠠᠷᠪᠤᠭᠴᠢ ᠡᠷᠢᠵᠦ᠂ ᠲᠡᠭᠦᠨ ᠢ ᠬᠠᠷᠪᠤᠵᠤ ᠠᠯᠠᠭᠤᠯᠤᠭᠰᠠᠨ ᠪᠠᠶᠢᠨ᠎ᠠ  ᠃ ᠮᠠᠯᠴᠢᠨ ᠦᠪᠡᠷ ᠤᠨ ᠰᠠᠷᠠᠯ ᠬᠦᠯᠦᠭ ᠢᠶᠠᠨ ᠰᠠᠨᠠᠵᠤ ᠮᠦᠷᠦᠭᠡᠳᠬᠦ ᠶᠢᠨ ᠲᠤᠶᠢᠯ ᠳᠠᠭᠠᠨ ᠲᠤᠯᠵᠤ᠂ ᠲᠡᠭᠦᠨ ᠢᠶᠠᠨ ᠲᠤᠷᠠᠰᠬᠠᠬᠤ ᠶᠢᠨ ᠲᠦᠯᠦᠭᠡ ᠠᠷᠠᠰᠤ᠂ ᠬᠦᠯ ᠤᠨ ᠶᠠᠰᠤ ᠂ ᠰᠡᠭᠦᠯ ᠢᠶᠠᠷ ᠨᠢ ᠬᠦᠭᠵᠢᠮ ᠤᠨ ᠵᠡᠪᠰᠡᠭ ᠵᠤᠬᠢᠶᠠᠵᠤ᠂ ᠰᠠᠷᠠᠯ ᠤᠨ ᠲᠤᠯᠤᠭᠠᠢ ᠶᠢ ᠨᠢ ᠬᠦᠭᠵᠢᠮ ᠤᠨ ᠲᠤᠯᠤᠭᠠᠢ ᠳᠤ ᠲᠠᠭᠠᠷᠠᠭᠤᠯᠵᠠᠢ᠂ ᠡᠭᠦᠨ ᠢᠶᠠᠨ《 ᠮᠤᠷᠢᠨ ᠬᠤᠭᠤᠷ》 ᠬᠡᠮᠡᠨ ᠨᠡᠷᠡᠶᠢᠳᠦᠭᠰᠡᠨ ᠤᠴᠢᠷ ᠠᠴᠠ ᠮᠤᠷᠢᠨ ᠬᠤᠭᠤᠷ ᠬᠡᠮᠡᠬᠦ ᠨᠡᠷ᠎ᠡ ᠡᠭᠦᠰᠦᠭᠰᠡᠨ ᠪᠠᠶᠢᠨ᠎ᠠ᠃ ᠡᠭᠦᠨ ᠳᠤ ᠮᠤᠷᠢᠨ ᠬᠤᠭᠤᠷ ᠤᠨ ᠢᠷᠡᠯ ᠡᠭᠦᠰᠦᠯ ᠬᠢᠭᠡᠳ ᠮᠠᠯᠴᠢᠨ ᠤ ᠮᠤᠷᠢᠨ ᠳᠠᠭᠠᠨ ᠬᠠᠶᠢᠷ᠎ᠠ ᠲᠠᠢ ᠵᠠᠩ ᠳᠠᠳᠬᠠᠯ ᠵᠡᠷᠭᠡ ᠶᠢ ᠳᠤᠰᠬᠠᠨ ᠬᠠᠷᠠᠭᠤᠯᠤᠭᠰᠠᠨ ᠪᠠ ᠸᠠᠩ ᠨᠤᠶᠠᠨ ᠤ ᠬᠤᠪᠳᠤᠭ ᠰᠢᠨᠤᠬᠠᠢ ᠵᠠᠩ ᠴᠢᠨᠠᠷ ᠬᠢᠭᠡᠳ ᠰᠠᠶᠢᠨ ᠰᠠᠶᠢᠬᠠᠨ ᠡᠳ᠋ ᠢ ᠡᠳ᠋ᠯᠡᠵᠦ ᠴᠢᠳᠠᠬᠤ ᠦᠭᠡᠢ ᠳᠡᠭᠡᠨ ᠲᠠᠯᠬᠢᠭᠳᠠᠵᠤ ᠬᠠᠶᠠᠳᠠᠭ ᠠᠵᠢᠯᠯᠠᠭ᠎ᠠ ᠶᠢ ᠪᠤᠷᠤᠭᠤᠰᠢᠶᠠᠨ ᠵᠢᠮᠡᠯᠡᠭᠰᠡᠨ ᠪᠠᠶᠢᠨ᠎ᠠ᠃ ᠲᠤᠰ ᠵᠤᠬᠢᠶᠠᠯ ᠳᠤ ᠠᠬᠤᠶᠢᠴᠢ ᠦᠵᠡᠯ ᠤᠨ ᠠᠷᠭ᠎ᠠ ᠪᠠᠷ ᠨᠡᠶᠢᠭᠡᠮ ᠤᠨ ᠠᠬᠤᠢ ᠪᠠᠶᠢᠳᠠᠯ ᠢ ᠳᠤᠰᠬᠠᠬᠰᠠᠨ ᠤ ᠬᠠᠮᠲᠤ ᠬᠦᠰᠡᠬᠦᠶᠢᠴᠢ ᠦᠵᠡᠯ ᠤᠨ ᠬᠠᠨᠳᠤᠰᠢ ᠲᠠᠢ ᠪᠠᠶᠢᠬᠤ ᠶᠢ ᠤᠯᠵᠤ ᠬᠠᠷᠠᠨ᠎ᠠ᠃ ᠲᠤᠰ ᠵᠤᠬᠢᠶᠠᠯ ᠤᠨ ᠪᠦᠲᠦᠴᠡ ᠨᠢᠭᠲᠠ ᠴᠢᠩᠭ᠎ᠠ᠂ ᠭᠤᠤᠯ ᠰᠠᠨᠠᠭ᠎ᠠ ᠲᠦᠪᠯᠡᠷᠡᠩᠭᠦᠢ᠂ ᠦᠵᠡᠯ ᠰᠠᠨᠠᠭᠠᠨ ᠤ ᠠᠭᠤᠯᠬᠤᠨ ᠡᠯᠪᠡᠭ ᠳᠡᠯᠪᠡᠭ᠂ ᠮᠤᠩᠭᠤᠯ ᠠᠮᠠᠨ ᠵᠤᠬᠢᠶᠠᠯ ᠤᠨ ᠰᠢᠯᠢᠳᠡᠭ ᠪᠦᠲᠦᠭᠡᠯ ᠪᠤᠯᠤᠭᠰᠠᠨ ᠪᠠᠶᠢᠨ᠎ᠠ
 
ᠢᠷᠡᠯᠲᠡ᠄ ᠦᠪᠦᠷ ᠮᠤᠩᠭᠤᠯ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号