ᠵᠢᠷᠦᠬᠡᠨ ᠭᠠᠯ ᠢ ᠡᠬᠡ ᠤᠷᠤᠨ ᠮᠢᠨᠢ ᠠᠰᠠᠭᠠᠳᠠᠭ
ᠨᠡᠶᠢᠲᠡᠯᠡᠭᠰᠡᠨ ᠴᠠᠭ᠄
2020/7/28
                      ᠱᠠ᠊᠂ ᠮᠡᠷᠭᠡᠨ     ᠡᠭᠡᠳᠡᠩ ᠭᠤᠲᠤᠯ ᠤᠨ ᠬᠢᠨᠢ ᠬᠠᠪᠴᠢᠶᠠᠷᠢ ᠳᠤ ᠡᠪᠤᠯ ᠳᠦᠩᠭᠡᠭᠡᠨ ᠰᠢᠷᠭᠤᠲᠠᠯ᠎ᠠ     ᠡᠷᠬᠡ ᠤᠷᠴᠢᠯᠠᠩ ᠤᠨ ᠬᠢᠨᠢ ᠡᠩᠭᠡᠷ ᠢ ᠢᠷᠭᠤᠢ ᠡᠵᠡᠩᠨᠡᠭᠡᠳ ᠢᠨᠢᠶᠡᠮᠰᠦᠭᠯᠡᠨ᠎ᠡ     ᠡᠷᠲᠡᠨ ᠤ ᠲᠤᠤᠯᠢ ᠶᠢᠨ ᠰᠠᠬᠢᠭᠤᠰᠤ ᠰᠢᠭ᠋ ᠬᠦᠬᠡ ᠡᠪᠦᠭᠡᠨ ᠪᠦᠭᠲᠦᠷᠡᠨ     ᠡᠯᠡ ᠬᠠᠯᠠ ᠵᠢᠨ‌‍ᠶ᠋ᠢᠷᠳᠢᠨᠴᠦ ᠶᠢ ᠡᠯᠢᠭᠡᠳᠡᠨ ᠬᠠᠶᠢᠷᠠᠯᠠᠵᠤ ᠶᠠᠪᠤᠨᠠᠮ     ᠡᠷᠬᠡᠰ ᠭᠠᠷᠠᠭ ᠪᠦᠬᠦᠨ ᠪᠠᠭᠤᠴᠠ ᠶᠢ ᠨᠢ ᠲᠤᠭᠤᠷᠢᠨ ᠡᠷᠭᠢᠯᠳᠦᠭᠡᠳ     ᠡᠯᠢᠭᠡᠨ ᠬᠦᠷᠡᠩ ᠠᠭᠤᠯᠠᠰ ᠨᠦᠮᠦᠷᠢ ᠪᠤᠯᠤᠨ ᠰᠡᠬᠦᠶᠢᠭᠡᠳ     ᠡᠷᠬᠢᠮ ᠤᠳᠤᠮ ᠤᠨ ᠲᠠᠩᠭᠠᠷᠢᠭ ᠤᠶᠠᠭᠰᠠᠨ ᠪᠠᠭᠠᠲᠤᠷ ᠤᠳ     ᠡᠩ ᠶᠢᠷᠲᠢᠨᠴᠦ ᠶᠢ ᠵᠤᠷᠢᠭ ᠢᠶᠠᠷ ᠢᠶᠠᠨ ᠬᠦᠲᠦᠯᠵᠦ ᠶᠠᠪᠤᠨᠠᠮ     ᠡᠪ ᠤᠨ ᠳᠡᠯᠡᠬᠡᠢ ᠡᠨᠡᠷᠢᠯ ᠤᠨ ᠬᠠᠷᠠᠴᠠᠨ ᠳᠤ ᠨᠢ ᠳᠤᠯᠠᠭᠠᠴᠠᠵᠤ     ᠡᠬᠡ ᠤᠷᠤᠨ ᠮᠢᠨᠢ ᠡᠪᠦᠷ ᠲᠤᠨᠢ ᠳᠤᠯᠠᠭᠠᠬᠠᠨ‌‍ᠲ᠋ᠤᠭᠵᠢᠷᠡᠨᠡᠮ ᠡ     ᠠᠳᠤᠭᠤᠨ ᠬᠤᠳᠳᠤᠭ ᠤᠨ ᠨᠠᠭᠤᠷ ᠠᠴᠠ ᠬᠦᠪᠦᠭᠡᠳ ᠢᠷᠡᠬᠦ ᠮᠠᠨᠠᠨ ᠳᠤ     ᠠᠷᠭᠠᠯ ᠬᠤᠷᠢᠶᠠᠯᠭ᠎ᠠ ᠬᠤᠶᠡᠷ ᠨᠢ ᠴᠢᠬᠢᠭ ᠵᠠᠭᠤᠭᠠᠳ ᠠᠮᠵᠢᠨ᠎ᠠ     ᠠᠮᠢᠨ ᠰᠠᠬᠢᠶ᠎ᠠ ᠡᠵᠢ ᠶᠢᠨ ᠮᠢᠨᠢ ᠰᠠᠴᠤᠯᠢ ᠶᠢᠨ ᠽᠠᠨᠳᠠᠨ ᠬᠠᠯᠪᠠᠭᠠᠨ ᠠᠴᠠ     ᠠᠮᠠᠷᠠᠭ ᠨᠠᠷᠠᠨ ᠤ ᠲᠤᠶᠠᠭ᠎ᠠ ᠰᠦᠨ ᠦᠩᠭᠡ ᠪᠠᠷ ᠰᠠᠴᠤᠷᠠᠨ᠎ᠠ     ᠠᠲᠠᠷ ᠬᠡᠭᠡᠷ᠎ᠡ ᠶᠢ ᠠᠷᠭᠠᠳᠠᠭᠰᠠᠨ ᠠᠶᠠᠭᠠᠨ ᠴᠡᠴᠡᠭ ᠤᠨ ᠰᠢᠭᠦᠳᠡᠷᠢ ᠳᠤ     ᠠᠭᠠᠷ ᠤᠨ ᠬᠦᠬᠡ ᠡᠭᠦᠯᠡᠰ ᠤᠨ ᠪᠠᠭᠤᠬᠤ ᠨᠡᠭᠦᠬᠦ ᠨᠢ ᠲᠤᠳᠤᠬᠠᠨ ᠡ     ᠠᠷᠰᠯᠠᠩᠲᠦ ᠬᠦᠬᠡ ᠠᠪᠳᠠᠷ᠎ᠠ ᠶᠢᠨ ᠴᠤᠤᠵᠢ ᠲᠦᠯᠬᠢᠭᠦᠷ ᠰᠠᠨᠵᠢᠬᠢᠨᠡᠬᠦ ᠨᠢ     ᠠᠯᠤᠰ ᠬᠤᠯᠠ ᠶᠢᠨ ᠵᠤᠴᠢᠳ ᠤᠨ ᠮᠤᠷᠢᠯᠠᠵᠤ ᠰᠠᠭᠠᠲᠠᠬᠤ ᠶᠢᠨ ᠵᠦᠩ ᠡ     ᠠᠷᠭᠠᠯᠢ ᠭᠥᠷᠥᠭᠡᠰᠦ ᠠᠰᠠᠭᠰᠠᠨ ᠠᠰᠬ᠎ᠠ ᠶᠢᠨ ᠦᠨᠳᠦᠷ ᠪᠡᠷᠬᠡ ᠳᠤ     ᠠᠵᠠ ᠬᠡᠶᠢᠮᠦᠷᠢ ᠶᠢᠨ ᠳᠠᠯᠠᠯᠭ᠎ᠠ ᠲᠠᠢ ᠡᠬᠡ ᠤᠷᠤᠨ ᠮᠢᠨᠢ ᠰᠠᠭᠠᠲᠠᠳᠠᠭ ᠡ     ᠢᠳᠡᠷ ᠶᠢᠰᠦ ᠶᠢᠨ ᠵᠢᠪᠡᠷ ᠮᠤᠷᠢᠳ ᠤᠨ ᠠᠮᠠᠭᠠᠢ ᠬᠠᠭᠠᠷᠢᠯ᠎ᠠ ᠴᠦ     ᠢᠷᠡᠬᠦ ᠬᠠᠪᠤᠷ ᠤᠨ ᠵᠡᠭᠦᠳᠦ ᠶᠢ ᠲᠤᠭᠤᠷᠠᠢ ᠶᠢᠨ ᠲᠦᠪᠡᠷᠭᠡᠨ ᠨᠢ ᠵᠦᠮᠪᠦᠷᠳᠦᠨ᠎ᠡ     ᠢᠪᠡᠭᠡᠬᠦ ᠡᠨᠡᠷᠢᠬᠦ ᠵᠢᠷᠦᠬᠡᠨ ᠭᠠᠯ ᠢᠶᠠᠨ ᠬᠡᠭᠡᠷ᠎ᠡ ᠶᠢᠨ ᠰᠠᠯᠬᠢᠨ ᠢᠶᠠᠷ ᠬᠦᠭᠵᠢᠭᠡᠭᠰᠡᠨ     ᠢᠳᠡᠷᠡᠭᠦᠨ ᠤᠮᠤᠭᠯᠠᠩ ᠡᠷᠡᠰ ᠤᠳ ᠬᠡᠨᠡᠭ ᠴᠦ ᠦᠭᠡᠢ ᠲᠠᠶᠢᠪᠤᠭᠤᠬᠠᠨ ᠡ     ᠢᠯᠠᠭᠤᠨ ᠨᠠᠰᠤᠨ ᠤ ᠵᠢᠪᠬᠤᠯᠠᠩ ᠢᠶᠠᠨ ᠴᠢᠩ ᠬᠠᠶᠢᠷ᠎ᠠ ᠪᠠᠷ ᠴᠢᠮᠡᠭᠡᠳ     ᠢᠯᠳᠠᠮᠬᠠᠨ ᠪᠦᠰᠡᠭᠦᠢ ᠶᠢᠨ ᠢᠲᠡᠭᠡᠯ ᠢ ᠵᠢᠷᠦᠬᠡ ᠲᠠᠢ ᠨᠢ ᠬᠠᠮᠲᠤ ᠪᠤᠯᠢᠶᠠᠭᠠᠳ     ᠢᠩᠭᠡᠨ ᠴᠠᠭᠠᠨ ᠪᠤᠶᠢᠯᠠᠭ᠎ᠠ ᠶᠢ ᠳᠠᠭᠤᠤ ᠶᠢᠨ ᠠᠶᠠᠯᠭᠤᠨ᠎ᠠ ᠲᠠᠮᠤᠵᠤ     ᠢᠪᠢᠯᠬᠦ ᠰᠠᠶᠢᠬᠠᠨ ᠪᠦᠬᠦᠨ ᠢ ᠢᠨᠢᠶᠡᠳᠦ ᠪᠠᠷ ᠢᠶᠠᠨ ᠲᠤᠰᠤᠨ ᠠᠮᠵᠢᠵᠦ     ᠢᠷᠮᠡᠭᠦᠨ ᠴᠠᠭ ᠤᠨ ᠢᠷ ᠳᠡᠭᠡᠷ᠎ᠡ ᠡᠷᠡᠰᠬᠡᠨ ᠤᠮᠤᠭ ᠢᠶᠠᠷ ᠬᠠᠩᠬᠠᠶᠢᠬᠤ     ᠶᠡᠬᠡᠰ ᠡᠷᠡᠰ ᠤᠨ ᠡᠩᠭᠡᠷ ᠲᠦᠰᠢᠵᠦ ᠡᠬᠡ ᠤᠷᠤᠨ ᠮᠢᠨᠢ ᠠᠮᠤᠭᠤᠯᠠᠩ ᠡ     ᠪᠦᠯᠢᠶᠡᠬᠡᠨ ᠬᠠᠷᠠᠴᠠ ᠶᠢ ᠨᠢ ᠳᠠᠭᠠᠭᠠᠳ ᠨᠠᠷᠠ ᠤᠷᠭᠤᠭᠠᠳ ᠠᠮᠵᠢᠬᠤ     ᠪᠦᠯᠢᠶᠡᠨ ᠰᠦ ᠢᠪᠢᠯᠬᠦ ᠳᠤ ᠨᠢ ᠰᠠᠷᠠ ᠮᠠᠨᠳᠤᠭᠠᠳ ᠦᠨᠳᠡᠶᠢᠬᠦ     ᠪᠦᠰᠡᠭᠦᠢ ᠶᠢᠨ ᠭᠠᠷ ᠠᠴᠠ ᠴᠠᠢ ᠲᠤᠰᠤᠭᠰᠠᠨ ᠡᠵᠡᠨ ᠬᠦᠮᠦᠨ ᠳᠤ     ᠪᠦᠮᠪᠦᠷᠴᠡᠭ ᠢ ᠡᠷᠭᠦᠬᠦ ᠢᠳᠡ ᠬᠠᠪᠤ ᠶᠢ ᠬᠤᠷᠤᠮᠬᠠᠨ᠎ᠠ ᠡᠷᠴᠢᠯᠡᠵᠦ ᠦᠭᠳᠡᠭ     ᠪᠦᠷᠭᠦᠳ ᠪᠦᠭᠡᠷᠡᠬᠦ ᠤᠷᠭᠢᠯ ᠢ ᠭᠠᠭᠴᠠᠬᠠᠨ ᠰᠦᠪᠡᠭᠴᠢ ᠪᠠᠷ ᠬᠠᠳᠬᠤᠮᠠᠯᠯᠠᠬᠤ     ᠪᠦᠬᠦᠨ ᠢ ᠳᠠᠷᠤᠬᠤ ᠪᠠᠭᠠᠲᠤᠷ ᠢ ᠪᠦᠬᠡᠴᠠᠶᠢᠯᠠᠨ ᠪᠠᠶᠢᠵᠤ ᠦᠰᠭᠡᠬᠦ     ᠪᠦᠳᠦᠷᠢᠯ ᠬᠠᠭᠠᠴᠠᠯ ᠪᠦᠬᠦᠨ ᠤ ᠬᠠᠷ᠎ᠠ ᠭᠤᠨᠢᠭ ᠢ ᠤᠬᠢᠶᠠᠵᠤ     ᠪᠦᠷᠬᠦᠶᠢᠵᠦ ᠪᠠᠭᠤᠬᠤ ᠪᠤᠷᠤᠭᠠᠨ ᠤ ᠳᠤᠮᠳᠠ ᠨᠢᠭᠤᠵᠤ ᠪᠠᠶᠢᠭᠠᠳ ᠠᠰᠬᠠᠷᠠᠭᠤᠯᠳᠠᠭ     ᠪᠦᠳᠦᠨ ᠳᠡᠯᠡᠬᠡᠢ ᠶᠢᠨ ᠡᠬᠢᠯᠡᠯ ᠪᠦᠰᠡᠬᠦᠢ ᠵᠠᠶᠠᠭ᠎ᠠ ᠶᠢ ᠬᠠᠶᠢᠷᠠᠯᠠᠭᠰᠠᠨ     ᠪᠦᠪᠡᠢ ᠬᠠᠶᠢᠷ᠎ᠠ ᠶᠢᠨ ᠡᠭᠡᠰᠢᠭ ᠲᠤ ᠡᠬᠡ ᠤᠷᠤᠨ ᠮᠢᠨᠢ ᠦᠶᠦᠭ ᠳ᠋ᠧ     ᠤᠳᠤᠮ ᠤᠨ ᠠᠯᠲᠠᠨ ᠶᠠᠰᠤᠨ ᠠᠴᠠ ᠲᠠᠰᠤᠷᠠᠵᠤ ᠲᠦᠷᠦᠭᠰᠡᠨ  ᠠᠯᠲᠠ ᠪᠡᠶ᠎ᠡ     ᠤᠷᠭᠤᠬᠤ ᠨᠠᠷᠠᠨ ᠢᠶᠠᠷ ᠢᠯᠪᠢᠭᠦᠯᠦᠭᠡᠳ ᠰᠤᠭᠤ ᠦᠰᠬᠦ ᠶᠢᠨ ᠲᠠᠪᠢᠯᠠᠩ ᠲᠠᠢ     ᠤᠯᠤᠰ ᠭᠦᠷᠦᠨ ᠢ ᠨᠢᠷᠤᠭᠤᠯᠠᠬᠤ ᠦᠭᠡᠳᠡᠰᠦᠨ ᠴᠢᠨᠡᠭᠡᠨ ᠨᠢᠯᠬ᠎ᠠ ᠦᠷ᠎ᠡ     ᠤᠭᠤᠷᠠᠭ ᠰᠦ ᠶᠢᠨ ᠠᠮᠲᠠ ᠪᠠᠷ ᠰᠢᠮᠡᠵᠢᠨ ᠦᠰᠬᠦ ᠶᠢᠨ ᠵᠠᠶᠠᠭ᠎ᠠ ᠲᠠᠢ     ᠤᠨᠠᠭᠠᠨ ᠬᠡᠭᠡᠷ ᠮᠤᠷᠢᠳ ᠢ ᠨᠢ ᠦᠷᠪᠦᠭᠡ ᠬᠦᠨᠳᠡᠬᠦ ᠳᠤᠨᠢ ᠵᠢᠰᠤᠯᠠᠵᠤ     ᠠᠭᠤᠯᠠᠰ ᠪᠤᠯᠤᠨ ᠤᠰᠤ ᠶᠢ ᠪᠠᠨ ᠬᠦᠯ ᠳᠤ ᠤᠷᠤᠬᠤ ᠳᠤ ᠨᠢ ᠨᠠᠷᠠᠳᠠᠵᠤ     ᠤᠯᠠᠷᠢᠬᠤ ᠤᠷᠴᠢᠯᠠᠩ ᠤᠨ ᠴᠤᠯᠪᠤᠭᠤᠷ ᠢ ᠭᠠᠷ ᠲᠤ ᠨᠢ ᠴᠢᠩᠭᠠᠬᠠᠨ ᠠᠳᠬᠤᠭᠤᠯᠤᠭᠠᠳ     ᠤᠨᠠᠵᠤ ᠤᠷᠭᠤᠬᠤ ᠶᠢᠨ ᠶᠤᠰᠤ ᠶᠢ ᠴᠠᠭ ᠤᠨ ᠦᠩᠭᠡ ᠪᠠᠷ ᠲᠠᠨᠢᠭᠤᠯᠤᠭᠠᠳ     ᠤᠷ᠎ᠠ ᠪᠢᠯᠢᠭ ᠤᠨ ᠭᠡᠭᠡ ᠶᠢ ᠨᠢᠳᠦᠨ ᠳᠤ ᠨᠢ ᠨᠢᠭᠤᠴᠠᠯᠠᠨ ᠱᠠᠩᠨᠠᠭᠠᠳ     ᠤᠬᠠᠭᠠᠨ ᠲᠡᠭᠦᠰ ᠡᠬᠡ ᠤᠷᠤᠨ ᠮᠢᠨᠢ ᠭᠡᠷᠡᠯ ᠳᠤ ᠨᠢ ᠳᠤᠯᠠᠭᠠᠬᠠᠨ ᠪᠠᠭᠲᠠᠳᠠᠭ ᠡ     ᠤᠨ ᠴᠠᠭ ᠤᠨ ᠨᠢᠯᠪᠤᠰᠤᠨ ᠳᠡᠭᠡᠷ᠎ᠡ ᠡᠷᠭᠢᠵᠦ ᠪᠦᠬᠦᠢ ᠶᠢᠷᠳᠢᠨᠴᠦ ᠶᠢ     ᠤᠭᠤᠰᠤᠷᠯᠠᠵᠤ ᠠᠳᠬᠤᠭᠠᠳ ᠪᠦᠰᠡᠨ ᠳᠡᠭᠡᠨ ᠬᠠᠪᠴᠢᠭᠤᠯᠤᠨ ᠲᠡᠩᠭᠡᠯᠵᠡᠭᠰᠡᠨ     ᠤᠷᠴᠢᠯᠠᠩ ᠳᠤ ᠭᠠᠭᠴᠠᠬᠠᠨ— ᠮᠢᠨᠤ ᠡᠬᠡ ᠤᠷᠤᠨ‌ᠵᠢᠪᠬᠤᠯᠠᠩᠲᠤ     ᠤᠴᠢᠵᠤ ᠪᠤᠴᠠᠬᠤ ᠶᠢᠨ ᠵᠢᠮ ᠳᠡᠭᠡᠷ᠎ᠡ ᠰᠠᠮᠠᠷᠠᠲᠠᠯ᠎ᠠ ᠵᠤᠪᠠᠭ᠋ᠤ ᠬᠤᠷᠸ᠎ᠠ ᠶᠢ     ᠤᠨᠴᠠᠯᠠᠵᠤ ᠨᠢᠳᠦᠯᠡᠭᠡᠳ ᠡᠪᠦᠷ ᠲᠡᠭᠡᠨ ᠠᠪᠴᠦ ᠳᠤᠯᠠᠭᠠᠴᠠᠭᠤᠯᠤᠭᠰᠠᠨ     ᠤᠷᠴᠢᠯᠠᠩ ᠳᠤ ᠭᠠᠭᠴᠠᠬᠠᠨ— ᠮᠢᠨᠤ ᠡᠬᠡ ᠤᠷᠤᠨ ᠲᠡᠭᠦᠯᠳᠡᠷ     ᠡᠯᠢᠭᠡᠨ ᠬᠦᠷᠡᠩ ᠡᠭᠦᠯᠡᠰ ᠤᠨ ᠵᠢᠭᠦᠷᠯᠡᠬᠦ ᠶᠢ ᠡᠩᠭᠦᠷᠡᠢ ᠦᠷ᠎ᠡ ᠳᠡᠭᠡᠨ ᠬᠠᠷᠠᠭᠤᠯᠤᠨ     ᠡᠮᠨᠢᠭ ᠰᠠᠯᠬᠢᠨ ᠤ ᠭᠦᠶᠦᠳᠡᠯ ᠢ ᠡᠪᠡᠰᠦᠨ ᠳᠤ ᠨᠢ ᠤᠶᠠᠨ ᠭᠠᠶᠢᠬᠠᠭᠤᠯᠤᠭᠰᠠᠭᠠᠷ     ᠡᠷᠲᠡᠨ ᠤ ᠪᠠᠭᠠᠲᠤᠷ ᠤᠨ ᠲᠠᠯ᠎ᠠ ᠶᠢ ᠳᠤᠷᠤᠨ᠎ᠡ ᠶᠢᠨ ᠬᠢᠵᠠᠭᠠᠷ ᠲᠤ ᠳᠡᠯᠭᠡᠬᠦ ᠭᠡᠵᠦ     ᠡᠬᠡ ᠬᠦᠮᠦᠨ ᠤ ᠳᠤᠯᠠᠭᠠᠨ ᠬᠠᠷᠠᠴᠠᠨ ᠠᠴᠠ ᠦᠷᠯᠦᠭᠡᠨ ᠤ ᠨᠠᠷᠠ ᠶᠢ ᠮᠠᠨᠳᠤᠭᠠᠭᠰᠠᠭᠠᠷ     ᠡᠭᠡᠯ ᠪᠤᠷᠤᠬᠠᠨ ᠮᠢᠨᠦᠬᠢ ᠪᠠᠨ ᠵᠢᠷᠦᠬᠡᠨ ᠭᠠᠯ ᠢ ᠪᠠᠳᠠᠷᠠᠭᠠᠬᠤ ᠭᠡᠵᠦ     ᠡᠷᠬᠢᠮᠰᠦᠭ ᠭᠤᠸ᠎ᠠ ᠡᠬᠡ ᠤᠷᠤᠨ ᠮᠢᠨᠢ ᠠᠰᠠᠨ ᠪᠠᠳᠠᠷᠠᠭᠰᠠᠭᠠᠷ ᠪᠠᠶᠢᠨ᠎ᠠ     ᠡᠷᠬᠢᠮᠰᠦᠭ ᠠᠭᠤᠤ ᠡᠬᠡ ᠤᠷᠤᠨ ᠮᠢᠨᠢ ᠠᠰᠠᠨ ᠪᠠᠳᠠᠷᠠᠭᠰᠠᠭᠠᠷ ᠯᠠ ᠪᠠᠶᠢᠨ᠎ᠠ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号