ᠤᠶᠠᠩᠭ᠎ᠠ ᠶᠢᠨ ᠰᠢᠯᠦᠭ᠃ ᠮᠤᠩᠭᠤᠯ ᠦᠨᠳᠦᠰᠦᠲᠡᠨ ᠤ ᠰᠢᠯᠦᠭᠴᠢ ᠨᠠ᠊᠂ ᠰᠠᠶᠢᠨᠴᠤᠭᠲᠤ ᠵᠤᠬᠢᠶᠠᠪᠠ᠃ | ᠰᠢᠯᠦᠭ ᠲᠤ ᠤᠷᠢᠳᠠᠪᠠᠷ ᠲᠠᠯ᠎ᠠ ᠨᠤᠲᠤᠭ ᠲᠤ ᠴᠠᠬᠢᠯᠭᠠᠨ ᠦᠢᠯᠡᠳᠪᠦᠷᠢ ᠠᠩᠬ᠎ᠠ ᠪᠠᠶᠢᠭᠤᠯᠤᠭᠳᠠᠭᠰᠠᠨ ᠢ ᠪᠡᠯᠭᠡᠯᠡᠬᠦ | ᠨᠠᠭᠠᠳᠤᠮ ᠳᠡᠭᠡᠷ᠎ᠡ ᠮᠤᠩᠭᠤᠯ ᠬᠢᠲᠠᠳ ᠵᠠᠯᠠᠭᠤ《 ᠵᠤᠯ ᠵᠢᠭᠠᠯ ᠪᠠ ᠨᠦᠬᠦᠷᠯᠡᠯ ᠤᠨ ᠲᠦᠯᠦᠭᠡ ᠳᠠᠭᠤᠯᠠᠵᠠᠭᠠᠶ᠎ᠠ》 | ᠭᠡᠵᠦ ᠳᠠᠭᠤᠯᠠᠭᠰᠠᠨ ᠢ ᠪᠢᠴᠢᠵᠦ᠂ ᠳᠠᠷᠠᠭ᠎ᠠ ᠪᠠᠷ ᠠᠰᠪᠤᠷᠢ ᠰᠢᠯᠤᠭᠤᠨ᠂ ᠬᠠᠯᠠ ᠦᠵᠡᠵᠦ ᠬᠠᠯᠠᠭᠤᠨ ᠴᠢᠯᠠᠭᠤ | ᠳᠤᠯᠢᠶᠠᠭᠰᠠᠨ ᠮᠤᠩᠭᠤᠯ ᠡᠪᠦᠭᠡᠨ ᠬᠢᠭᠡᠳ ᠲᠡᠭᠦᠨ ᠤ ᠭᠦᠭᠰᠢᠨ ᠲᠠᠢ ᠪᠠᠨ ᠬᠠᠮᠲᠤ ᠵᠠᠯᠠᠭᠤᠴᠤᠳ ᠲᠠᠢ ᠨᠠᠶᠢᠷᠯᠠᠨ | ᠪᠦᠵᠢᠭᠯᠡᠭᠰᠡᠨ ᠢ ᠪᠢᠴᠢᠬᠦ ᠪᠠᠷ ᠳᠠᠮᠵᠢᠭᠤᠯᠤᠨ᠂ ᠡᠷᠬᠡ ᠴᠢᠯᠦᠭᠡ ᠪᠠᠨ ᠤᠯᠤᠭᠰᠠᠨ ᠮᠠᠯᠴᠢᠳ ᠤᠨ ᠠᠮᠢᠳᠤᠷᠠᠯ᠂ ᠦᠵᠡᠯ | ᠰᠠᠨᠠᠭᠠᠨ ᠳᠡᠭᠡᠷᠡᠬᠢ ᠬᠤᠪᠢᠷᠠᠯᠲᠠ ᠵᠢᠴᠢ ᠡᠷᠬᠡ ᠮᠡᠳᠡᠨ ᠡᠵᠡᠨ ᠰᠠᠭᠤᠵᠤ ᠪᠠᠶᠢᠭ᠎ᠠ ᠤᠮᠤᠭᠰᠢᠯᠲᠤ ᠰᠡᠳᠭᠢᠯᠭᠡ ᠶᠢ | ᠢᠯᠡᠷᠡᠭᠦᠯᠵᠡᠢ᠃ ᠰᠢᠯᠦᠭ ᠱᠠᠲᠤᠯᠵᠢᠨ ᠬᠡᠯᠪᠡᠷᠢ ᠪᠠᠷ᠂ ᠠᠳᠠᠯᠢᠳᠬᠠᠯ᠂ ᠵᠦᠢᠷᠯᠡᠯ᠂ ᠪᠡᠯᠭᠡᠳᠡᠯ ᠵᠡᠷᠭᠡ ᠶᠢ ᠬᠡᠷᠡᠭᠯᠡᠵᠦ᠂ | ᠤᠶᠠᠩᠭᠠᠯᠠᠬᠤ ᠪᠠ ᠬᠦᠦᠷᠨᠢᠬᠦ ᠶᠢ ᠤᠶᠠᠯᠳᠤᠭᠤᠯᠵᠠᠢ᠃ ᠲᠤᠰ ᠰᠢᠯᠦᠭ ᠤᠨ ᠤᠭ ᠭᠠᠷᠴᠠᠭ ᠨᠢ《 ᠪᠦᠵᠢᠭ ᠤᠨ | ᠨᠠᠶᠢᠷ 》᠂ 1954 ᠤᠨ ᠳᠤ ᠪᠢᠴᠢᠵᠤ᠂ ᠬᠢᠲᠡᠳ ᠤᠷᠴᠢᠭᠤᠯᠭ᠎ᠠ ᠶᠢ《 ᠠᠷᠠᠳ ᠤᠨ ᠤᠳᠬ᠎ᠠ ᠵᠤᠬᠢᠶᠠᠯ》 | ᠰᠡᠳᠭᠦᠯ ᠤᠨ 1955 ᠤᠨ ᠤ 6 ᠳ᠋ᠤᠭᠠᠷ ᠬᠤᠭᠤᠴᠠᠭᠠᠨ ᠳᠤ ᠨᠡᠶᠢᠲᠡᠯᠡᠭᠳᠡᠵᠦ᠂ ᠳᠠᠷᠠᠭ᠎ᠠ ᠨᠢ ᠰᠢᠯᠦᠭᠴᠢ ᠶᠢᠨ | ᠠᠳᠠᠯᠢ ᠨᠡᠷᠡᠲᠦ ᠰᠢᠯᠦᠭ ᠤᠨ ᠲᠡᠭᠦᠪᠦᠷᠢ ᠳᠤ ᠤᠷᠤᠵᠤ 1956 ᠤᠨ ᠳᠤ ᠵᠤᠬᠢᠶᠠᠯᠴᠢ ᠶᠢᠨ ᠬᠡᠪᠯᠡᠯ ᠤᠨ | ᠬᠤᠷᠢᠶ᠎ᠠ ᠳᠤ ᠬᠡᠪᠯᠡᠭᠦᠯᠪᠡ᠃ |