ᠪᠠᠳᠠᠢ ᠶᠢᠨ ᠵᠢᠷᠠᠨ ᠤ ᠡᠯᠡᠰᠦ ᠮᠠᠩᠬᠠᠨ ᠳᠤ ᠪᠤᠯᠠᠬᠳᠠᠬᠰᠠᠨ ᠨᠢᠭᠡᠨ ᠡᠷᠲᠡᠨ ᠤ ᠬᠤᠳᠠ ᠪᠠᠶᠢᠳᠠᠭ ᠭᠡᠰᠡᠨ ᠢ ᠠᠯᠢ ᠡᠷᠲᠡᠨ ᠠᠴᠠ ᠰᠤᠨᠤᠰᠴᠦ ᠦᠩᠭᠡᠷᠡᠭᠰᠡᠨ ᠰᠠᠨ᠃ | ᠡᠨᠡ ᠬᠤᠳᠠ ᠶᠢᠨ ᠲᠤᠬᠠᠢ ︽ᠮᠤᠩᠭᠤᠯ ᠤᠨ ᠨᠢᠭᠤᠴᠠ ᠲᠤᠪᠴᠢᠶᠠᠨ︾ ᠳᠤ ᠲᠡᠮᠲᠡᠭᠯᠡᠭᠰᠡᠨ ᠪᠠᠶᠢᠲᠠᠭ᠃ ᠭᠡᠪᠡᠴᠦ᠂ ᠲᠡᠷᠡ ᠨᠢ ᠬᠡᠨᠡᠳᠲᠡ ᠪᠠᠯᠠᠷᠠᠨ ᠠᠷᠢᠯᠵᠦ᠂ | ᠲᠡᠯᠡᠬᠡᠢ ᠶᠢᠨ ᠲᠡᠤᠬᠡ ᠶᠢᠨ ᠰᠤᠳᠤᠯᠭᠠᠳᠠᠨ ᠤ ᠬᠢᠨ ᠢ ᠰᠤᠴᠢᠭᠠᠬᠰᠠᠨ ᠪᠠᠶᠢᠨ᠎ᠠ᠃ ᠡᠶᠢᠮᠤ ᠠᠴᠠ ᠤᠢᠢᠷ᠎ᠠ ᠶᠢᠨ ᠵᠠᠭᠤᠨ ᠵᠢᠯ ᠤᠨ ᠲᠤᠷᠰᠢ᠂ ᠲᠤᠳᠤᠭᠠᠳᠤ | ᠭᠠᠳᠠᠭᠠᠳᠤ ᠶᠢᠨ ᠡᠷᠲᠡᠮᠲᠡᠳ ᠬᠢᠭᠡᠳ ᠵᠢᠭᠤᠯᠴᠢᠳ ᠦᠷᠭᠦᠯᠵᠢ ᠠᠳᠡ ᠢᠷᠡᠵᠦ ᠬᠠᠶᠢᠨ ᠰᠤᠷᠪᠤᠯᠵᠢᠯᠠᠳᠠᠭ ᠭᠠᠵᠠᠷ ᠪᠤᠯᠵᠠᠢ᠃ ᠡᠨᠡ ᠪᠤᠯ ᠲᠠᠷᠤᠢ ᠠᠯᠠᠱᠠ ᠶᠢᠨ | ᠡᠴᠢᠨ᠎ᠡ ᠨᠢᠭᠤᠴᠠᠭᠠᠢ ᠬᠠᠷ᠎ᠠ ᠬᠤᠳᠠ ᠪᠤᠯᠤᠨ᠎ᠠ᠃ | ᠶᠢᠰᠥᠲᠥᠭᠡᠷ ᠰᠠᠷ᠎ᠠ ᠶᠢᠨ ᠨᠢᠭᠡᠨ ᠡᠲᠥᠷ ᠤᠨ ᠥᠲᠡ ᠪᠠᠷ ᠪᠢᠲᠡ ᠲᠡᠷᠭᠡᠨ ᠳᠤ ᠰᠠᠭᠤᠵᠦ ᠦᠪᠦᠷ ᠮᠤᠩᠭᠤᠯ ᠤᠨ ᠡᠵᠡᠨ᠎ᠡ ᠬᠤᠰᠢᠭᠤᠨ ᠤ ᠵᠠᠰᠠᠬ ᠤᠨ | ᠤᠷᠳᠤᠨ ᠤ ᠰᠠᠭᠤᠭ᠎ᠠ ᠭᠠᠵᠠᠷ ᠪᠤᠯᠬᠤ ᠲᠠᠯᠠᠶᠢᠬᠦ᠋ᠪ ᠪᠠᠯᠭᠠᠰᠤᠨ ᠠᠴᠠ ᠮᠤᠷᠲᠡᠵᠤ᠂ ᠰᠢᠨᠡᠬᠡᠨ ᠵᠠᠰᠠᠬᠰᠠᠨ ᠬᠠᠶᠢᠷ ᠴᠢᠯᠠᠭᠤᠨ ᠵᠠᠮ ᠢ ᠲᠠᠭᠠᠵᠦ᠂ ᠵᠡᠭᠦᠨ ᠡᠮᠤᠨᠡᠰᠢ | ᠭᠤᠴᠢᠨ ᠺᠢᠯᠤᠮᠧᠲᠷ ᠭᠠᠷᠤᠢ ᠡᠯᠡᠰᠦ ᠮᠠᠩᠬᠠᠨ ᠭᠦᠨ ᠤᠷᠤᠭᠤ ᠲᠠᠪᠬᠢᠭᠤᠯᠪᠠ᠃ ᠮᠠᠰᠢᠨ ᠲᠡᠷᠭᠡ ᠬᠤᠳᠠ ᠠᠴᠠ ᠭᠠᠷᠤᠮᠠᠬᠴᠠ ᠭᠤᠪᠢ ᠲᠠᠯ᠎ᠠ ᠲᠡᠭᠡᠷ᠎ᠡ ᠭᠠᠷᠪᠠ᠃ | ᠬᠡᠲᠦ᠋ᠢᠪᠡᠷ ᠨᠠᠮᠤᠷ ᠤᠨ ᠡᠬᠢ ᠪᠤᠯᠤᠬᠰᠠᠨ ᠪᠤᠯᠪᠠᠴᠦ ᠠᠭᠤᠷ ᠠᠮᠢᠰᠬᠤᠯ ᠮᠦᠨ ᠯᠡ ᠭᠤᠴᠢᠨ ᠲᠤᠯᠤᠭ᠎ᠠ ᠨᠠᠢᠮᠠᠨ ᠭᠷᠡᠳᠥ᠋ᠰ ᠬᠠᠯᠠᠭᠤᠨ ᠪᠠᠶᠢᠵᠦ᠂ ᠵᠠᠮ ᠬᠦᠭᠡᠭᠡᠬᠦ ᠳᠤ | ᠠᠮᠠ ᠬᠠᠳᠠᠵᠤ᠂ ᠴᠡᠭᠡᠵᠢ ᠪᠥᠭᠴᠢᠮᠳᠠᠵᠤ ᠪᠠᠶᠢᠯ᠎ᠠ᠃ ᠲᠡᠮᠡᠢ ᠤᠳᠠᠯ ᠦᠭᠡᠢ ᠠᠯᠤᠰ ᠲᠤ ᠨᠢᠭᠡ ᠬᠡᠰᠡᠭ ᠢᠬᠴᠦ ᠵᠤᠵᠠᠭᠠᠨ ᠲᠤᠤᠷᠠᠢ ᠶᠢᠨ ᠤᠢ ᠬᠠᠷᠠᠭᠠᠨ᠎ᠠ | ᠲᠤᠳᠤᠷᠠᠬᠤ ᠳᠤ ᠰᠡᠳᠭᠢᠯ ᠰᠠᠨᠠᠭ᠎ᠠ ᠲᠤᠤᠷ᠎ᠠ ᠪᠠᠨ ᠰᠡᠷᠭᠦᠵᠦ᠂ ᠮᠠᠰᠢᠨ ᠲᠡᠷᠭᠡ ᠴᠦ ᠨᠢᠰᠬᠦ ᠮᠠᠳᠤ ᠲᠠᠪᠬᠢᠨ ᠤᠢ ᠳᠤ ᠤᠷᠤᠯ᠎ᠠ᠃ ᠤᠤᠯ ᠨᠢ ᠠᠳᠡ ᠡᠮᠤᠨ᠎ᠡ ᠠᠴᠠ | ᠬᠤᠶᠢᠰᠢ ᠪᠠᠨ ᠨᠢᠭᠡ ᠵᠤᠷᠪᠤᠰ ᠲᠤᠪ ᠲᠤᠩᠭᠠᠯᠠᠬ ᠭᠤᠤᠯ ᠭᠤᠷᠴᠢᠭᠢᠨᠠᠨ ᠤᠷᠤᠰᠴᠦ ᠪᠠᠶᠢᠪᠠ᠃ ᠲᠡᠷᠭᠡ ᠵᠤᠬᠰᠤᠬᠤ ᠲᠠᠢ ᠵᠡᠷᠭᠡ ᠪᠢᠳᠠ ᠦᠰᠦᠷᠦᠨ ᠪᠠᠭᠤᠵᠦ | ᠭᠤᠤᠯ ᠤᠨ ᠤᠰᠤ ᠪᠠᠷ ᠬᠠᠨᠳᠠᠯ᠎ᠠ ᠤᠬᠢᠶᠠᠵᠦ ᠰᠡᠷᠢᠭᠦᠴᠡᠵᠡᠭᠡᠯᠡ᠃ ᠦᠷᠭᠦᠯᠵᠢᠯᠡᠨ ᠵᠠᠮᠨᠠᠵᠦ ᠪᠠᠶᠢᠳᠠᠯ᠎ᠠ ᠪᠢᠳᠠᠨ ᠤ ᠨᠢᠳᠤᠨ ᠡᠮᠤᠨ᠎ᠡ ᠡᠯᠡᠰᠦᠨ ᠴᠦᠯ ᠤᠨ ᠲᠤᠮᠳᠠ | ᠨᠢᠭᠡᠨ ᠬᠠᠭᠠᠰ ᠴᠤᠬᠤᠢᠢᠵᠤ᠂ ᠬᠠᠭᠠᠰ ᠲᠠᠷᠤᠬᠳᠠᠬᠰᠠᠨ ᠡᠷᠲᠡᠨ ᠤ ᠬᠤᠳᠠ ᠢᠯᠡᠷᠡᠵᠦ᠂ ᠬᠤᠳᠠ ᠶᠢᠨ ᠬᠡᠷᠡᠮ ᠲᠡᠭᠡᠷᠡᠬᠢ ᠰᠤᠪᠤᠷᠭ᠎ᠠ ᠨᠢ ᠤᠷᠢᠬᠠᠨ ᠰᠠᠯᠬᠢᠨ ᠤ | ᠲᠤᠮᠳᠠ ᠰᠥᠨᠲᠡᠷᠯᠡᠵᠤ᠂ ᠬᠤᠷᠴᠠ ᠰᠢᠷᠭᠠᠯ ᠨᠠᠷᠠᠨ ᠤ ᠭᠡᠷᠡᠯ ᠳᠤ ᠬᠢᠯᠳᠤᠭᠠᠨᠠᠨ ᠬᠠᠷᠠᠬᠳᠠᠨ᠎ᠠ᠃ ᠪᠢᠳᠠ ᠬᠦᠰᠡᠵᠦ ᠬᠦᠯᠢᠶᠡᠭᠡᠳ ᠤᠳᠠᠬᠰᠠᠨ ᠬᠠᠷ᠎ᠠ ᠬᠤᠳᠠᠨ ᠳᠤ | ᠡᠴᠦᠰ ᠲᠡᠭᠡᠨ ᠬᠦᠷᠴᠦ ᠢᠷᠡᠯ᠎ᠡ᠃ ᠲᠦᠷᠪᠡᠨ ᠲᠠᠯ᠎ᠠ ᠪᠠᠷ ᠢᠶᠠᠨ ᠡᠯᠡᠰᠦ ᠪᠠᠷ ᠬᠥᠷᠢᠶᠡᠯᠡᠭᠲᠡᠭᠰᠡᠨ ᠭᠤᠪᠢ ᠶᠢᠨ ᠬᠠᠶᠢᠷ ᠴᠢᠯᠠᠭᠤᠨ ᠲᠡᠭᠡᠷ᠎ᠡ ᠪᠠᠶᠢᠷᠢᠯᠠᠵᠦ᠂ ᠬᠠᠳᠠᠵᠤ | ᠰᠢᠷᠭᠢᠭᠰᠡᠨ ᠭᠤᠤᠯ ᠤᠨ ᠬᠡᠪᠡᠯᠢ ᠨᠢ ᠬᠤᠳᠠ ᠶᠢᠨ ᠡᠮᠤᠨ᠎ᠡ ᠲᠤᠤᠷ᠎ᠠ ᠠᠴᠠ ᠪᠠᠷᠠᠭᠤᠨ ᠠᠴᠠ ᠵᠡᠭᠦᠨᠰᠢ ᠪᠠᠨ ᠶᠠᠪᠤᠬᠰᠠᠨ ᠤᠯᠠ ᠮᠦᠷ ᠮᠤᠷᠤᠢ ᠰᠠᠷᠤᠢ ᠬᠠᠷᠠᠬᠳᠠᠨ᠎ᠠ᠃ | ᠥᠨᠳᠤᠷ ᠲᠤ ᠭᠠᠷᠴᠦ ᠡᠷᠲᠡᠨ ᠤ ᠬᠤᠳᠠ ᠶᠢᠨ ᠪᠦᠬᠦ ᠦᠵᠡᠮᠵᠢ ᠶᠢ ᠬᠠᠷᠠᠬᠤ ᠳᠤ ᠰᠦᠷᠯᠢᠭ ᠰᠠᠶᠢᠬᠠᠨ ᠰᠦᠷ ᠵᠢᠪᠬᠤᠭ᠎ᠠ ᠨᠢ ᠬᠦᠮᠦᠨ ᠢ ᠰᠤᠴᠢᠭᠠᠮᠠᠷ ᠡ︕ | ᠡᠨᠡ ᠪᠤᠯ ᠨᠢᠭᠡᠨ ᠤᠷᠳᠤ ᠲᠦᠷᠪᠡᠯᠵᠢᠨ ᠬᠡᠯᠪᠡᠷᠢᠲᠡᠢ ᠬᠤᠳᠠ ᠶᠢᠨ ᠬᠡᠷᠡᠮ ᠪᠤᠯᠤᠨ᠎ᠠ᠂ ᠤᠷᠳᠤ ᠨᠢ ᠵᠡᠭᠦᠨ ᠠᠴᠠ ᠪᠠᠷᠠᠭᠤᠨᠰᠢ ᠪᠠᠨ 470 ᠮᠧᠲᠷ᠂ ᠦᠷᠭᠡᠨ ᠨᠢ | ᠡᠮᠤᠨ᠎ᠡ ᠠᠴᠠ ᠬᠤᠶᠢᠰᠢ ᠪᠠᠨ 384 ᠮᠧᠲᠷ᠂ ᠶᠡᠷᠦᠩᠬᠡᠢ ᠲᠠᠯᠠᠪᠠᠢ ᠨᠢ 18.05 ᠲᠦᠮᠡᠨ ᠲᠡᠭᠰᠢ ᠲᠦᠷᠪᠡᠯᠵᠢᠨ ᠮᠧᠲᠷ ᠪᠠᠶᠢᠳᠠᠭ᠃ ᠬᠤᠳᠠ ᠶᠢᠨ ᠬᠡᠷᠡᠮ ᠶᠢ ᠨᠠᠩᠭᠢ | ᠰᠢᠷᠤᠢ ᠪᠠᠷ ᠨᠥᠲᠥᠨ ᠪᠠᠷᠢᠵᠦ᠂ ᠰᠠᠭᠤᠷᠢ ᠶᠢᠨ ᠵᠤᠵᠠᠭᠠᠨ ᠨᠢ 11.6 ᠮᠧᠲᠷ᠂ ᠤᠷᠤᠢ ᠶᠢᠨ ᠦᠷᠭᠡᠨ ᠨᠢ 3.5 ᠮᠧᠲᠷ᠂ ᠥᠨᠳᠤᠷ ᠨᠢ 9 ᠮᠧᠲᠷ ᠭᠠᠷᠤᠢ ᠪᠠᠶᠢᠳᠠᠭ᠃ | ᠬᠤᠳᠠ ᠶᠢᠨ ᠭᠠᠳᠠᠨᠠᠬᠢ ᠪᠠᠷᠠᠭᠤᠨ ᠡᠮᠤᠨ᠎ᠡ ᠦᠨᠴᠦᠭ ᠲᠤᠨᠢ ᠨᠢᠭᠡ ᠲᠡᠮᠡᠢ ᠶᠡᠭᠡ ᠪᠢᠰᠢ ᠯᠠᠯᠤ ᠶᠢᠨ ᠰᠦᠮ᠎ᠡ ᠪᠡ ᠬᠤᠳᠠ ᠶᠢᠨ ᠪᠠᠷᠠᠭᠤᠨ ᠬᠤᠶᠢᠳᠤ ᠦᠨᠴᠦᠭ ᠲᠤᠨᠢ | ᠪᠠᠰᠠ ᠨᠢᠭᠡ ᠬᠡᠰᠡᠭ ᠰᠤᠪᠤᠷᠭ᠎ᠠ ᠨᠤᠭᠤᠳ ᠲᠦᠢᠯ ᠤᠨ ᠤᠨᠴᠠᠯᠢᠬ ᠲᠠᠢ ᠬᠠᠷᠠᠬᠳᠠᠨ᠎ᠠ᠃ ᠬᠤᠳᠠ ᠶᠢᠨ ᠬᠡᠷᠡᠮ ᠤᠨ ᠪᠠᠷᠠᠭᠤᠨ ᠬᠤᠶᠢᠳᠤ ᠦᠨᠴᠦᠭ ᠲᠡᠭᠡᠷ᠎ᠡ ᠨᠢ ᠨᠢᠭᠡ | 12 ᠮᠧᠲᠷ ᠥᠨᠳᠤᠷ ᠬᠦᠮᠦᠷᠢᠭᠰᠡᠨ ᠪᠠᠭᠪᠤᠷ ᠬᠡᠯᠪᠡᠷᠢᠲᠡᠢ ᠰᠤᠪᠤᠷᠭ᠎ᠠ ᠰᠥᠨᠲᠡᠷᠯᠡᠭᠰᠡᠨ ᠨᠢ ᠡᠨᠡᠬᠦ ᠬᠤᠳᠠ ᠶᠢᠨ ᠤᠨᠴᠠᠭᠠᠢ ᠪᠡᠯᠬᠡ ᠲᠡᠮᠲᠡᠭ ᠪᠤᠯᠤᠬᠰᠠᠨ ᠪᠠᠶᠢᠨ᠎ᠠ᠃ | ᠡᠭᠦᠨ ᠢᠶᠠᠷ ᠪᠠᠷᠠᠬᠤ ᠦᠭᠡᠢ᠂ ᠶᠡᠬᠡᠪᠡᠷ ᠬᠤᠯᠠᠭᠠᠢᠢᠯᠠᠨ ᠮᠠᠯᠳᠠᠬᠰᠠᠨ ᠪᠤᠶᠤ ᠪᠤᠯᠢᠶᠠᠬᠳᠠᠬᠰᠠᠨ ᠰᠤᠷᠪᠤᠯᠵᠢ ᠪᠢᠴᠢᠭ ᠨᠢ ᠲᠡᠯᠡᠬᠡᠢ ᠳ᠋ᠠᠬᠢᠨ ᠳᠤ ᠠᠯᠳᠠᠷᠰᠢᠬᠰᠠᠨ ᠪᠠᠷᠠᠭᠤᠨ | ᠰᠢᠶᠠ ᠤᠯᠤᠰ ᠤᠨ ᠬᠡᠯᠡᠨ ᠤ ᠰᠡᠶᠢᠯᠦᠮᠡᠯ ᠬᠡᠪᠯᠡᠯ ᠪᠠ ᠪᠢᠴᠢᠮᠡᠯ ᠲᠡᠪᠲᠡᠷ ᠨᠢ 8000 ᠭᠠᠷᠤᠢ ᠲᠦᠷᠦᠯ ᠳᠤ ᠬᠦᠷᠴᠦ᠂ ᠪᠠᠰᠠ ᠶᠡᠭᠡ ᠬᠡᠮᠵᠢᠶᠡᠨ ᠤ ᠬᠢᠲᠡᠳ ᠪᠢᠴᠢᠭ᠂ | ᠲᠦᠪᠡᠳ ᠪᠢᠴᠢᠭ᠂ ᠡᠷᠲᠡᠨ ᠤ ᠤᠢᠢᠭᠤᠷ ᠦᠰᠦᠭ᠂ ᠲᠦᠷᠺ ᠪᠢᠴᠢᠭ᠂ ᠵᠦᠷᠴᠢᠨ ᠪᠢᠴᠢᠭ᠂ ᠰᠢᠷᠢᠶ᠎ᠠ ᠪᠢᠴᠢᠭ᠂ ᠮᠤᠩᠭᠤᠯ ᠨᠤᠮ ᠪᠢᠴᠢᠭ ᠪᠠ ᠨᠤᠮ ᠰᠤᠳᠤᠷ | ᠪᠠᠶᠢᠵᠦ᠂ ᠪᠠᠰᠠ ᠲᠤᠨᠤᠵᠦ ᠪᠤᠯᠢᠶᠠᠬᠳᠠᠬᠰᠠᠨ ᠰᠠᠪᠠ ᠰᠠᠭᠠᠯᠢ᠂ ᠪᠠᠭᠠᠵᠢ ᠬᠡᠷᠡᠭᠰᠡᠯ ᠤᠳ ᠠᠷᠪᠢᠨ ᠪᠠᠶᠢᠬᠰᠠᠨ ᠭᠡᠨ᠎ᠡ᠃ ︵ᠯᠠᠨ ᠫᠢᠩ ᠶᠠᠨ ᠯᠢ ᠶᠦᠩ ᠫᠢᠩ︶ |