ᠢᠷᠭᠡᠨ ᠤᠯᠤᠰ ᠤᠨ ᠦᠶ᠎ᠡ ᠳᠤ᠂ ᠮᠣᠩᠭᠤᠯ ᠣᠷᠤᠨ ᠤ ᠰᠤᠷᠭᠠᠨ ᠬᠦᠮᠦᠵᠢᠯ ᠰᠢᠨ᠎ᠡ ᠬᠦᠭᠵᠢᠯᠲᠡ ᠶᠢᠨ ᠱᠠᠲᠤ ᠦᠶ᠎ᠡ ᠳᠤ ᠣᠷᠤᠭᠰᠠᠨ ᠪᠠᠶᠢᠨ᠎ᠠ᠃ 1912 | ᠣᠨ ᠤ 1 ᠰᠠᠷ᠎ᠠ ᠶᠢᠨ 1 ᠤ ᠡᠳᠦᠷ᠂ ᠳᠤᠮᠳᠠᠳᠤ ᠢᠷᠭᠡᠨ ᠤᠯᠤᠰ ᠨᠠᠨᠵᠢᠩ ᠳᠤ ᠪᠠᠶᠢᠭᠤᠯᠤᠭᠳᠠᠭᠰᠠᠨ ᠢᠶᠠᠨ ᠵᠢᠩᠬᠢᠨᠢ ᠪᠠᠷ ᠲᠤᠩᠬᠠᠭᠯᠠᠵᠤ᠂ ᠼᠠᠢ ᠶᠤᠸᠠᠨ ᠫᠸᠢ | ᠰᠤᠷᠭᠠᠨ ᠬᠦᠮᠦᠵᠢᠯ ᠤᠨ ᠶᠠᠮᠤᠨ ᠤ ᠶᠡᠷᠦᠩᠬᠡᠢ ᠰᠠᠶᠢᠳ ᠤᠨ ᠲᠤᠰᠢᠶᠠᠯ ᠢ ᠡᠭᠦᠷᠭᠡᠯᠡᠵᠦ᠂ ᠰᠢᠷᠢᠰ ᠰᠤᠷᠭᠠᠨ ᠬᠦᠮᠦᠵᠢᠯ ᠤᠨ ᠲᠤᠬᠠᠢ ᠵᠠᠷᠯᠢᠭ ᠢ ᠪᠠᠭᠤᠯᠭᠠᠭᠰᠠᠨ | ᠪᠠᠶᠢᠨ᠎ᠠ᠂ ᠲᠤᠬᠠᠢ ᠶᠢᠨ ᠦᠶ᠎ᠡ ᠳᠤ ᠰᠦᠨ ᠵᠥᠩ ᠱᠠᠨ ︽ᠬᠢᠲᠠᠳ᠂ ᠮᠣᠩᠭᠤᠯ᠂ ᠮᠠᠨᠵᠤ᠂ ᠬᠤᠲᠤᠩ᠂ ᠲᠦᠪᠡᠳ ᠨᠢᠭᠡᠲᠦᠭᠰᠡᠨ ᠨᠢᠭᠡ ᠤᠯᠤᠰ︾᠂ ︽ᠬᠢᠲᠠᠳ᠂ | ᠮᠣᠩᠭᠤᠯ᠂ ᠮᠠᠨᠵᠤ᠂ ᠬᠤᠲᠤᠩ᠂ ᠲᠦᠪᠡᠳ ᠵᠡᠷᠭᠡ ᠡᠯ᠎ᠡ ᠦᠨᠳᠦᠰᠦᠲᠡᠨ ᠪᠣᠯ ᠨᠢᠭᠡ ᠭᠡᠷ ᠤᠨ ᠬᠦᠮᠦᠨ︾ ︵︽ ᠰᠦᠨ ᠵᠦᠩ ᠱᠠᠨ ᠤ ᠨᠠᠮᠲᠠᠷ︾ 2 ᠳ᠋ᠤᠭᠠᠷ ᠪᠣᠳᠢ︶ | ᠭᠡᠭᠴᠢ ︽ᠲᠠᠪᠤᠨ ᠦᠨᠳᠦᠰᠦᠲᠡᠨ ᠡᠶ᠎ᠡ ᠨᠠᠶᠢᠷᠠᠮᠳᠠᠬᠤ︾ ᠶᠢ ᠰᠠᠨᠠᠭᠠᠴᠢᠯᠠᠨ ᠳᠤᠷᠠᠳᠤᠨ ᠭᠠᠷᠭᠠᠵᠤ᠂ ᠤᠯᠤᠰ ᠲᠦᠷᠦ ᠶᠢᠨ ᠤᠬᠠᠭᠤᠯᠭ᠎ᠠ ᠶᠢᠨ ᠲᠠᠯ᠎ᠠ ᠪᠠᠷ ᠡᠯ᠎ᠡ | ᠦᠨᠳᠦᠰᠦᠲᠡᠨ ᠪᠦᠭᠦᠳᠡᠭᠡᠷ ᠡᠷᠬᠡ ᠲᠡᠭᠰᠢ ᠭᠡᠬᠦ ᠲᠦᠷᠦ ᠶᠢᠨ ᠪᠣᠳᠤᠯᠭ᠎ᠠ ᠶᠢ ᠶᠠᠪᠤᠭᠳᠠᠭᠤᠯᠵᠤ᠂ ᠬᠢᠵᠠᠭᠠᠷ ᠣᠷᠤᠨ ᠤ ᠦᠨᠳᠦᠰᠦᠲᠡᠨ ᠤ ᠰᠤᠷᠭᠠᠨ ᠬᠦᠮᠦᠵᠢᠯ ᠤᠨ | ᠦᠢᠯᠡᠰ ᠤᠨ ᠬᠦᠭᠵᠢᠯᠲᠡ ᠳᠤ ᠶᠡᠬᠡᠬᠡᠨ ᠲᠦᠯᠬᠢᠨ ᠠᠬᠢᠭᠤᠯᠬᠤ ᠦᠢᠯᠡᠳᠦᠯ ᠦᠵᠡᠭᠦᠯᠦᠭᠰᠡᠨ ᠪᠠᠶᠢᠨ᠎ᠠ᠃ | ᠢᠷᠭᠡᠨ ᠤᠯᠤᠰ ᠤᠨ ᠡᠬᠢᠨ ᠤ ᠵᠢᠯ ᠳᠤ᠂ ᠳᠤᠮᠳᠠᠳᠤ ᠢᠷᠭᠡᠨ ᠤᠯᠤᠰ ︽ᠮᠣᠩᠭᠤᠯ ᠲᠦᠪᠡᠳ ᠤᠨ ᠬᠡᠷᠡᠭ ᠶᠠᠪᠤᠳᠠᠯ ᠤᠨ ᠲᠣᠪᠴᠢᠶ᠎ᠠ︾᠂ ︽ᠮᠣᠩᠭᠤᠯ | ᠲᠦᠪᠡᠳ ᠤᠨ ᠬᠤᠷᠢᠶ᠎ᠠ︾ ᠵᠡᠷᠭᠡ ᠶᠢ ᠪᠠᠶᠢᠭᠤᠯᠵᠤ᠂ ᠵᠣᠰᠤᠲᠤ ᠠᠶᠢᠮᠠᠭ ᠤᠨ ᠬᠠᠷᠠᠴᠢᠨ ᠪᠠᠷᠠᠭᠤᠨ ᠭᠠᠷᠤᠨ ᠬᠤᠰᠢᠭᠤ ᠶᠢᠨ ᠵᠠᠰᠠᠭ ᠴᠢᠨ ᠸᠠᠩ ᠭᠦᠩᠰᠡᠩᠨᠣᠷᠪᠤ | ᠶᠡᠷᠦᠩᠬᠡᠢ ᠵᠠᠬᠢᠷᠤᠯ ᠤᠨ ᠲᠤᠰᠢᠶᠠᠯ ᠡᠭᠦᠷᠭᠡᠯᠡᠵᠦ᠂ ᠮᠣᠩᠭᠤᠯ ᠤᠨ ᠡᠯ᠎ᠡ ᠬᠤᠰᠢᠭᠤ᠂ ᠬᠦᠬᠡᠨᠠᠭᠤᠷ᠂ ᠲᠦᠪᠡᠳ ᠣᠷᠤᠨ ᠤ ᠰᠤᠷᠭᠠᠨ ᠬᠦᠮᠦᠵᠢᠯ ᠤᠨ ᠦᠢᠯᠡᠰ ᠰᠢᠨ᠎ᠡ | ᠠᠯᠬᠤᠮ ᠢ ᠠᠯᠬᠤᠨ ᠭᠠᠷᠤᠭᠰᠠᠨ ᠪᠠᠶᠢᠨ᠎ᠠ᠃ ᠰᠤᠷᠭᠠᠨ ᠬᠦᠮᠦᠵᠢᠯ ᠤᠨ ᠶᠠᠮᠤᠨ ᠤ ᠲᠠᠷᠬᠠᠭᠠᠨ ᠬᠡᠷᠡᠭᠵᠢᠭᠦᠯᠦᠭᠰᠡᠨ ᠰᠤᠷᠭᠠᠨ ᠬᠦᠮᠦᠵᠢᠯ ᠤᠨ ᠬᠠᠤᠯᠢ ᠳᠦᠷᠢᠮ ᠨᠢ | ᠮᠣᠩᠭᠤᠯ ᠲᠦᠪᠡᠳ ᠤᠨ ᠰᠤᠷᠭᠠᠨ ᠬᠦᠮᠦᠵᠢᠯ ᠤᠨ ᠦᠢᠯᠡᠰ ᠢ ᠠᠭᠠᠵᠢᠮ ᠠᠭᠠᠵᠢᠮ ᠢᠶᠠᠷ ᠵᠦᠪ ᠵᠠᠮ ᠳᠤ ᠬᠦᠲᠦᠯᠦᠨ ᠣᠷᠤᠭᠤᠯᠤᠭᠰᠠᠨ ᠪᠠᠶᠢᠨ᠎ᠠ᠃ | 1912 ᠣᠨ ᠤ 11 ᠰᠠᠷ᠎ᠠ ᠳᠤ᠂ ᠮᠣᠩᠭᠤᠯ ᠲᠦᠪᠡᠳ ᠤᠨ ᠬᠡᠷᠡᠭ ᠶᠠᠪᠤᠳᠠᠯ ᠤᠨ ᠲᠣᠪᠴᠢᠶ᠎ᠠ ᠶᠡᠷᠦᠩᠬᠡᠶᠢᠯᠡᠭᠴᠢ ᠳᠤ ᠠᠶᠢᠯᠠᠳᠬᠠᠨ ᠳᠡᠪᠰᠢᠭᠦᠯᠦᠭᠰᠡᠨ ᠨᠢ | ︽ᠮᠠᠨᠵᠤ ᠴᠢᠩ ᠤᠨ ᠦᠶ᠎ᠡ ᠶᠢᠨ ᠵᠢᠩᠱᠠᠨ᠂ ᠽᠥᠩ ᠱᠢ᠂ ᠵᠢᠤᠸᠠᠢ ᠯᠥᠸᠧ ᠵᠡᠷᠭᠡ ᠭᠤᠷᠪᠠᠨ ᠰᠤᠷᠭᠠᠭᠤᠯᠢ ᠵᠢᠴᠢ ᠵᠠᠬ᠎ᠠ ᠬᠢᠵᠠᠭᠠᠷ ᠤᠨ ᠬᠡᠷᠡᠭ ᠢ ᠰᠢᠢᠳᠬᠡᠬᠦ ᠶᠠᠮᠤᠨ | ᠤ ᠮᠣᠩᠭᠤᠯ ᠰᠤᠷᠭᠠᠭᠤᠯᠢ ᠶᠢ ᠨᠡᠶᠢᠯᠡᠭᠦᠯᠵᠦ᠂ ᠮᠣᠩᠭᠤᠯ ᠲᠦᠪᠡᠳ ᠰᠤᠷᠭᠠᠭᠤᠯᠢ ᠪᠠᠶᠢᠭᠤᠯᠬᠤ ᠪᠣᠯᠪᠠᠤ︾ ︵︽ᠰᠤᠷᠭᠠᠨ ᠬᠦᠮᠦᠵᠢᠯ ᠤᠨ ᠰᠡᠳᠬᠦᠯ︾ 4 ᠳ᠋ᠦ᠋ᠭᠡᠷ | ᠪᠣᠳᠢ 10 ᠳ᠋ᠤᠭᠠᠷ ᠬᠤᠭᠤᠴᠠᠭ᠎ᠠ ︿ᠲᠡᠮᠳᠡᠭᠯᠡᠯ﹀︶᠃ 1913 ᠣᠨ ᠳᠤ᠂ ᠡᠨᠡᠬᠦ ᠴᠦᠭᠡᠨ ᠲᠣᠭᠠᠲᠤ ᠦᠨᠳᠦᠰᠦᠲᠡᠨ ᠤ ᠬᠡᠦᠬᠡᠳ ᠤᠳ ᠲᠤ ᠰᠤᠷᠭᠠᠨ ᠬᠦᠮᠦᠵᠢᠯ | ᠬᠦᠷᠲᠡᠭᠡᠳᠡᠭ ︽ᠮᠣᠩᠭᠤᠯ ᠲᠦᠪᠡᠳ ᠰᠤᠷᠭᠠᠭᠤᠯᠢ︾ ᠵᠢᠩᠬᠢᠨᠢ ᠪᠠᠷ ᠪᠠᠶᠢᠭᠤᠯᠤᠭᠳᠠᠵᠤ᠂ ᠣᠳᠤ ᠶᠢᠨ ᠪᠡᠭᠡᠵᠢᠩ ᠤᠨ ᠰᠢ ᠳ᠋ᠠᠨ ᠵᠡᠭᠡᠯᠢ ᠶᠢᠨ ᠰᠢᠶᠣᠣ ᠱᠢ ᠬᠤ᠋ | ᠭᠤᠳᠤᠮᠵᠢ ᠳᠤ ᠪᠠᠶᠢᠷᠢᠯᠠᠵᠤ ᠪᠠᠶᠢᠨ᠎ᠠ᠂ ᠲᠤᠬᠠᠢ ᠶᠢᠨ ᠦᠶ᠎ᠡ ᠳᠤ᠂ ᠵᠠᠰᠠᠭ ᠤᠨ ᠣᠷᠳᠤᠨ ᠠᠴᠠ ᠮᠣᠩᠭᠤᠯ ᠲᠦᠪᠡᠳ ᠤᠨ ᠬᠡᠦᠬᠡᠳ ᠤᠳ ᠤᠨ ᠰᠤᠷᠭᠠᠭᠤᠯᠢ ᠳᠤ | ᠣᠷᠤᠬᠤ ᠶᠢ ᠵᠣᠷᠢᠭᠵᠢᠭᠤᠯᠵᠤ᠂ ᠢᠳᠡᠬᠦ ᠡᠮᠦᠰᠬᠦ ᠬᠤᠨᠤᠬᠤ ᠲᠠᠯ᠎ᠠ ᠪᠠᠷ ᠬᠦᠴᠦᠲᠡᠢ ᠬᠠᠷᠠᠭᠠᠯᠵᠠᠯ ᠳᠡᠮᠵᠢᠯᠭᠡ ᠦᠵᠡᠭᠦᠯᠦᠭᠰᠡᠨ ᠪᠠᠶᠢᠨ᠎ᠠ᠃ |