ᠴᠢᠩᠬᠢᠰ ᠬᠠᠭᠠᠨ ᠨᠠᠢᠮᠠᠨ ᠠᠶᠢᠮᠠᠭ ᠢ ᠬᠤᠷᠢᠶᠠᠵᠦ ᠠᠪᠤᠬᠰᠠᠨ ᠤ ᠲᠠᠷᠠᠭ᠎ᠠ᠂ ᠲᠠᠳᠠᠲᠤᠩᠭᠠ ᠶᠢᠨ ᠡᠨᠡᠬᠦ ᠪᠠᠶᠢᠳᠠᠯ ᠢ ᠤᠢᠢᠯᠠᠭᠠᠵᠦ ᠠᠪᠤᠭᠠᠳ ᠬᠠᠭᠠᠨ ᠤ ᠤᠷᠳᠤᠨ᠂ | ᠬᠠᠭᠠᠨ ᠤ ᠬᠦᠪᠡᠬᠦᠳ᠂ ᠬᠠᠭᠠᠨ ᠤ ᠲᠦᠰᠢᠮᠠᠯ᠂ ᠠᠯᠳᠠᠨ ᠤᠷᠤᠬᠳᠠᠨ ᠳᠤ ᠡᠨᠡ ᠪᠢᠴᠢᠭ ᠢ ᠵᠢᠭᠠᠯᠭᠠᠵᠠᠢ᠃ ᠢᠡᠭᠬᠢᠵᠦ ᠵᠢᠭᠠᠯᠭᠠᠬᠰᠠᠨ ᠢᠶᠠᠷ ᠦᠵᠡᠪᠠᠯ ᠭᠠᠭᠴᠠ | ᠲᠠᠳᠠᠲᠤᠩᠭᠠ ᠪᠢᠰᠢ᠂ ᠲᠠᠳᠠᠲᠤᠩᠭᠠ ᠶᠢᠨ ᠭᠠᠷ ᠲᠤᠤᠷ᠎ᠠ ᠪᠢᠴᠢᠭ ᠮᠡᠳᠡᠬᠦ ᠬᠦᠮᠦᠰ ᠪᠠᠰᠠ ᠪᠠᠶᠢᠵᠠᠢ᠃ ᠡᠶᠢᠮᠦ ᠠᠴᠠ ᠲᠠᠳᠠᠲᠤᠩᠭᠠ ᠪᠠᠷ ᠭᠤᠤᠯ ᠪᠤᠯᠭᠠᠵᠦ᠂ | ᠲᠠᠳᠠᠲᠤᠩᠭᠠ ᠶᠢ ᠲᠠᠭᠠᠯᠳᠤᠬᠰᠠᠨ ᠨᠢᠭᠡ ᠪᠦᠯᠦᠭ ᠬᠦᠮᠦᠰ ᠮᠤᠩᠭᠤᠯ ᠦᠨᠳᠦᠰᠦᠳᠠᠨ ᠳᠤ ᠬᠠᠮᠤᠭ ᠤᠷᠢᠳᠠᠪᠡᠷ ᠦᠰᠦᠭ ᠪᠢᠴᠢᠭ ᠲᠡᠯᠭᠡᠷᠡᠬᠦᠯᠵᠦ᠂ ᠮᠤᠩᠭᠤᠯᠴᠤᠳ | ᠦᠰᠦᠭ ᠪᠢᠴᠢᠭ ᠲᠠᠢ ᠪᠤᠯᠵᠠᠢ᠃ ᠲᠡᠭᠡᠪᠡᠯ ᠨᠠᠢᠮᠠᠨ ᠠᠶᠢᠮᠠᠭ ᠨᠢ ᠮᠤᠩᠭᠤᠯᠴᠤᠳ ᠮᠦᠨ ᠦᠦ︖ ᠶᠠᠮᠠᠷ ᠮᠤᠩᠭᠤᠯᠴᠤᠳ ᠪᠤᠢ︖ ᠲᠤᠬᠠᠢ ᠶᠢᠨ ᠦᠶ᠎ᠡ ᠶᠢᠨ | ᠪᠠᠶᠢᠳᠠᠯ ᠢᠶᠠᠷ ᠠᠪᠴᠤ ᠦᠵᠡᠪᠠᠯ᠂ ᠨᠠᠢᠮᠠᠨ ᠠᠶᠢᠮᠠᠭ ᠪᠤᠯᠤᠨ ᠴᠢᠩᠬᠢᠰ ᠬᠠᠭᠠᠨ ᠤ ᠦᠶ᠎ᠡ ᠶᠢᠨ ᠵᠡᠬᠦᠨ ᠭᠡᠰᠡᠭ ᠤᠨ ᠮᠤᠩᠭᠤᠯᠴᠤᠳ ᠬᠤᠭᠤᠷᠤᠨᠳᠦ ᠪᠠᠨ | ᠤᠷᠴᠢᠭᠤᠯᠤᠬᠴᠢ ᠠᠪᠴᠤ ᠪᠠᠶᠢᠬᠰᠠᠨ ᠦᠭᠡᠢ᠂ ᠦᠭᠡ ᠭᠡᠯᠡ ᠨᠡᠪᠳᠡᠷᠡᠨ᠎ᠠ᠃ ᠦᠭᠡ ᠭᠡᠯᠡ ᠠᠳᠠᠯᠢᠬᠠᠨ ᠪᠠᠶᠢᠬᠰᠠᠨ ᠨᠦᠬᠦᠴᠡᠯ ᠲᠤᠤᠷ᠎ᠠ ᠦᠰᠦᠭ ᠪᠢᠴᠢᠭ ᠢᠶᠠᠨ | ᠨᠢᠭᠡᠳᠦᠯᠳᠠᠢ ᠭᠡᠷᠡᠭᠯᠡᠭᠰᠡᠨ ᠤ ᠦᠷ᠎ᠡ ᠳ᠋ᠦᠡᠭ ᠳᠤ᠂ ᠮᠤᠩᠭᠤᠯ ᠪᠢᠴᠢᠭ ᠪᠦᠬᠦ ᠮᠤᠩᠭᠤᠯᠴᠤᠳ ᠲᠤ ᠨᠠᠶᠢᠳᠡᠮ ᠢᠶᠠᠷ ᠲᠡᠯᠭᠡᠷᠡᠵᠦ᠂ ᠠᠯᠪᠠᠨ ᠤ ᠦᠰᠦᠭ ᠪᠤᠯᠵᠦ | ᠬᠦᠭᠵᠢᠵᠦ ᠲᠡᠯᠭᠡᠷᠡᠭᠰᠡᠭᠡᠷ ᠤᠳᠤᠬᠠᠨ ᠤ ᠮᠠᠨ ᠤ ᠭᠡᠷᠡᠭᠯᠠᠵᠦ ᠪᠠᠶᠢᠭ᠎ᠠ ︽ᠬᠠᠭᠤᠴᠢᠨ ᠮᠤᠩᠭᠤᠯ ᠦᠰᠦᠭ︾ ᠪᠤᠯᠵᠦ ᠢᠷᠡᠵᠠᠢ᠃ ᠢᠡᠭᠬᠢᠵᠦ ᠦᠵᠡᠭᠰᠡᠨ ᠤ ᠦᠷ᠎ᠠ | ᠳ᠋ᠦᠡᠭ ᠳᠤ ᠬᠤᠶᠠᠷ ᠲᠤᠳᠤᠷᠬᠠᠢ ᠠᠰᠠᠭᠤᠳᠠᠯ ᠭᠠᠷᠴᠤ ᠢᠷᠡᠨ᠎ᠠ᠄ ᠨᠢᠭᠡ ᠨᠢ᠂ ᠲᠠᠳᠠᠲᠤᠩᠭᠠ ᠪᠤᠯ ᠮᠤᠩᠭᠤᠯ ᠦᠨᠳᠦᠰᠦᠳᠠᠨ ᠤ ᠬᠠᠮᠤᠭ ᠠᠩᠬᠠᠨ ᠤ ᠬᠡᠯᠡ | ᠪᠢᠴᠢᠭ ᠤᠨ ᠪᠠᠭᠰᠢ᠃ ᠨᠦᠬᠦᠭᠡ ᠨᠢᠭᠡ ᠨᠢ᠂ ᠬᠠᠮᠤᠭ ᠤᠷᠢᠳᠠᠪᠡᠷ ᠮᠤᠩᠭᠤᠯᠴᠤᠳ ᠤᠨ ᠲᠤᠮᠳᠠ ᠦᠰᠦᠭ ᠪᠢᠴᠢᠭ ᠭᠡᠷᠡᠭᠯᠡᠭᠰᠡᠨ ᠠᠶᠢᠮᠠᠭ ᠤᠬᠰᠠᠭᠠᠳᠠᠨ ᠪᠤᠯ | ᠡᠷᠳᠠᠨ ᠤ ᠨᠠᠢᠮᠠᠨ ᠠᠶᠢᠮᠠᠭ᠃ ᠲᠡᠳᠠᠨ ᠤ ᠭᠡᠷᠡᠭᠯᠠᠵᠦ ᠪᠠᠶᠢᠬᠰᠠᠨ ᠪᠤᠯᠪᠠᠰᠤᠷᠠᠬᠰᠠᠨ᠂ ᠪᠡᠯᠡᠨ ᠪᠠᠶᠢᠭᠰᠠᠨ ᠦᠰᠦᠭ ᠪᠢᠴᠢᠭ ᠢ ᠮᠤᠩᠭᠤᠯᠴᠤᠳ ᠲᠤ ᠲᠡᠯᠭᠡᠷᠡᠬᠦᠯᠵᠠᠢ᠃ | ᠡᠨᠡ ᠠᠰᠠᠭᠤᠳᠠᠯ ᠢᠶᠠᠷ ᠰᠠᠭᠤᠷᠢ ᠪᠤᠯᠭᠠᠵᠦ᠂ 2018 ᠤᠨ ᠳᠤ ᠦᠪᠦᠷ ᠮᠤᠩᠭᠤᠯ ᠳᠤ ᠬᠢᠭᠰᠡᠨ ︽ᠮᠤᠩᠭᠤᠯᠴᠤᠳ ᠤᠨ ᠦᠰᠦᠭ ᠪᠢᠴᠢᠭ ᠤᠨ ᠭᠠᠷᠤᠯ ᠢᠷᠡᠯ︾ | ᠢᠶᠠᠷ ᠭᠤᠤᠯ ᠠᠭᠤᠯᠭ᠎ᠠ ᠪᠤᠯᠭᠠᠨ ᠶᠠᠷᠢᠯᠴᠠᠬᠰᠠᠨ ᠬᠤᠷᠠᠯ ᠲᠡᠭᠡᠷ᠎ᠡ᠂ ᠤᠳᠤ ᠶᠢᠨ ᠨᠠᠢᠮᠠᠨ ᠬᠤᠰᠢᠭᠤ ᠲᠠᠢ ᠬᠤᠯᠪᠤᠭ᠎ᠠ ᠲᠠᠢ ᠭᠡᠵᠦ ᠦᠵᠡᠵᠡᠢ᠃ ᠶᠠᠭᠠᠬᠢᠭᠠᠳ | ᠬᠤᠯᠪᠤᠭ᠎ᠠ ᠲᠠᠢ ᠪᠤᠢ ᠭᠡᠪᠠᠯ᠄ ᠨᠢᠭᠡ ᠳᠤ᠂ ᠨᠡᠷ᠎ᠠ ᠨᠢ ᠡᠷᠳᠠᠨ ᠤ ᠨᠠᠢᠮᠠᠨ ᠠᠶᠢᠮᠠᠭ ᠲᠠᠢ ᠠᠳᠠᠯᠢ᠃ ᠬᠤᠶᠠᠷ ᠲᠤ᠂ ᠨᠠᠢᠮᠠᠨ ᠬᠤᠰᠢᠭᠤ ᠶᠢᠨ ᠪᠢᠴᠢᠭ ᠰᠤᠶᠤᠯ᠂ ᠵᠠᠩ | ᠵᠠᠩᠰᠢᠯ ᠡᠷᠳᠠᠨ ᠤ ᠨᠠᠢᠮᠠᠨ ᠠᠶᠢᠮᠠᠭ ᠲᠠᠢ ᠬᠤᠯᠪᠤᠭ᠎ᠠ ᠲᠠᠢ ᠵᠦᠢᠯ ᠪᠠᠶᠢᠨ᠎ᠠ᠃ ᠭᠤᠷᠪᠠ ᠳᠤ᠂ ᠨᠠᠢᠮᠠᠨ ᠠᠶᠢᠮᠠᠭ ᠤᠨ ᠬᠦᠮᠦᠨ ᠠᠷᠠᠳ ᠤᠨ ᠤᠪᠤᠭ ᠤᠨ ᠨᠡᠷᠡᠶᠢᠳᠦᠯ ᠨᠢ | ᠠᠯᠳᠠᠢ ᠠᠭᠤᠯᠠ ᠶᠢᠨ ᠲᠠᠨᠳᠠ ᠪᠠᠶᠢᠭ᠎ᠠ ᠡᠷᠳᠠᠨ ᠤ ᠨᠠᠢᠮᠠᠨ ᠠᠶᠢᠮᠠᠭ ᠤᠨ ᠬᠦᠮᠦᠰ ᠤᠨ ᠨᠡᠷᠡᠶᠢᠳᠦᠯ ᠲᠠᠢ ᠠᠳᠠᠯᠢ᠂ ︽ᠡᠬᠢ ᠨᠠᠢᠮᠠᠨ︾ ᠭᠡᠵᠦ ᠪᠢᠴᠢᠵᠦ ᠪᠠᠶᠢᠨ᠎ᠠ᠃ ︽ | ᠡᠬᠢ ᠨᠠᠢᠮᠠᠨ︾ ᠶᠤᠮ ᠤᠤ᠂ ︽ᠶᠡᠭᠡ ᠨᠠᠢᠮᠠᠨ︾ ᠶᠤᠮ ᠤᠤ᠂ ᠲᠤᠳᠤᠷᠬᠠᠢ ᠦᠭᠡᠢ ᠪᠠᠶᠢᠨ᠎ᠠ᠃ ︽ᠶᠡᠭᠡ︾ ᠪᠤᠯᠤᠨ ︽ᠡᠭᠢ︾ ᠨᠢ ᠲᠠᠭᠤᠳᠠᠯᠭ᠎ᠠ ᠶᠢᠨ ᠲᠠᠯ᠎ᠠ ᠳᠤ | ᠠᠳᠠᠯᠢ ᠪᠤᠯᠤᠭᠠᠳ ᠶᠠᠪᠤᠴᠢᠬᠠᠨ᠎ᠠ᠃ ᠲᠡᠷᠡ ᠤᠪᠤᠬᠳᠠᠨ ᠢᠶᠠᠨ ᠤᠳᠤ ᠪᠤᠯ ︽ᠪᠠᠢ︾ ᠭᠡᠵᠦ ᠪᠤᠢ᠃ ᠨᠠᠢᠮᠠᠨ ᠬᠤᠰᠢᠭᠤᠨ ᠳᠤ ᠪᠠᠢ ᠤᠪᠤᠭ ᠲᠠᠢ ᠬᠦᠮᠦᠨ ᠤᠯᠠᠨ | ᠪᠠᠶᠢᠨ᠎ᠠ᠃ ᠤᠳᠤ ᠶᠢᠨ ᠰᠢᠨᠵᠢᠶᠠᠩ ᠤᠨ ᠢᠯᠢ ᠶᠢᠨ ᠬᠠᠰᠠᠬᠴᠤᠳ ᠤᠨ ᠲᠤᠳᠤᠷ᠎ᠠ ︽ᠨᠠᠢᠮᠠᠳ︾ ᠭᠡᠰᠡᠨ ᠤᠪᠤᠭ ᠲᠠᠢ ᠬᠦᠮᠦᠨ ᠪᠠᠶᠢᠨ᠎ᠠ᠂ ᠨᠠᠢᠮᠠᠨ ᠭᠡᠰᠡᠨ | ᠦᠭᠡ ᠶᠢᠨ ᠲᠤᠤᠷ᠎ᠠ ᠤᠯᠠᠨ ᠲᠤᠭᠠᠨ ᠤ ᠲᠠᠭᠠᠪᠤᠷᠢ ︽ ᠊ ᠤᠨ︾ ᠵᠠᠯᠭᠠᠵᠠᠢ᠃ ᠪᠤᠷᠵᠢᠬᠢᠨ ᠤᠪᠤᠬᠳᠠᠨ ᠊᠊᠊᠊ ᠪᠤᠷᠵᠢᠬᠢᠳ᠂ ᠲᠠᠯ᠎ᠠ ᠠᠶᠢᠮᠠᠭ ᠊᠊᠊᠊ ᠲᠠᠯᠠᠳ ᠭᠡᠰᠡᠨ ᠲᠠᠢ | ᠠᠳᠠᠯᠢ᠃ ᠢᠯᠢ ᠬᠠᠰᠠᠬᠴᠤᠳ ᠤᠨ ᠲᠤᠳᠤᠷ᠎ᠠ ᠨᠠᠢᠮᠠᠳ ᠤᠪᠤᠬᠳᠠᠨ ᠤᠯᠠᠨ ᠪᠠᠶᠢᠨ᠎ᠠ᠃ ᠰᠢᠨᠵᠢᠶᠠᠩ ᠤᠨ ᠬᠠᠰᠠᠬ ᠠᠴᠠ ᠤᠨᠳᠤᠤ ᠭᠠᠵᠠᠷ ᠲᠤ ᠪᠠᠰᠠ ᠨᠠᠢᠮᠠᠳ | ᠤᠪᠤᠬᠳᠠᠨ ᠪᠠᠶᠢᠨ᠎ᠠ ᠭᠡᠵᠦ ᠭᠡᠯᠡᠵᠡᠭᠡᠵᠦ ᠪᠠᠶᠢᠨ᠎ᠠ᠃ ᠡᠳᠡᠭᠡᠷ ᠪᠠᠷᠢᠮᠳᠠ ᠠᠴᠠ ᠦᠵᠡᠭᠰᠡᠨ ᠤ ᠲᠠᠷᠠᠭ᠎ᠠ ᠨᠠᠢᠮᠠᠨ ᠬᠤᠰᠢᠭᠤ ᠪᠤᠯ ᠡᠷᠳᠠᠨ ᠤ ᠨᠠᠢᠮᠠᠨ ᠠᠶᠢᠮᠠᠭ ᠤᠨ | ᠲᠠᠰᠤᠷᠠᠵᠦ ᠢᠷᠡᠭᠰᠡᠨ ᠰᠠᠯᠠᠭ᠎ᠠ᠂ ᠡᠷᠳᠠᠨ ᠤ ᠨᠠᠢᠮᠠᠨ ᠠᠶᠢᠮᠠᠭ ᠬᠠᠮᠤᠭ ᠡᠷᠳᠠ ᠦᠰᠦᠭ ᠪᠢᠴᠢᠭ ᠭᠡᠷᠡᠭᠯᠠᠵᠠᠢ᠃ ᠬᠠᠮᠤᠭ ᠲᠡᠷᠢᠬᠦᠨ ᠤ ᠪᠠᠭᠰᠢ ᠨᠢ ᠲᠠᠳᠠᠲᠤᠩᠭᠠ᠃ | ᠡᠭᠦᠨ ᠠᠴᠠ ᠭᠠᠳᠠᠨ᠎ᠠ᠂ ᠮᠤᠩᠭᠤᠯ ᠪᠢᠴᠢᠭ ᠰᠤᠳᠤᠷ ᠲᠤ ᠡᠨᠡ ᠬᠠᠮᠢᠶ᠎ᠠ ᠲᠠᠢ ᠲᠡᠮᠳᠡᠭᠯᠠᠯ ᠤᠯᠠᠨ ᠪᠠᠶᠢᠨ᠎ᠠ᠃ ᠤᠷᠴᠢᠮ ᠤᠨ ᠡᠳᠦᠷ ᠨᠠᠢᠮᠠᠨ ᠬᠤᠰᠢᠭᠤᠨ ᠳᠤ ︽ | ᠦᠰᠦᠭ ᠪᠢᠴᠢᠭ ᠤᠨ ᠮᠦᠽᠧᠢ︾ ᠪᠠᠶᠢᠭᠤᠯᠬᠤ ᠭᠡᠵᠦ ᠪᠤᠢ᠂ ᠭᠡᠷ ᠢᠶᠠᠨ ᠪᠠᠷᠢᠵᠦ ᠪᠠᠷᠠᠭᠠᠳ ᠲᠤᠳᠤᠷ᠎ᠠ ᠨᠢ ᠲᠠᠯᠪᠢᠬᠤ ᠡᠳ᠋ ᠪᠤᠳᠠᠰ ᠤᠨ ᠵᠦᠢᠯ ᠢᠶᠠᠨ ᠪᠠᠶᠢᠷᠢᠯᠠᠭᠤᠯᠵᠦ | ᠪᠤᠢ᠃ ᠲᠡᠳᠡᠭᠡᠷ ᠤᠯᠠᠨ ᠪᠠᠶᠢᠬᠤ ᠲᠡᠮᠳᠡᠭᠯᠠᠯ ᠢ ᠪᠠᠰᠠ ᠡᠨᠡ ᠮᠦᠽᠧᠢ ᠳᠤ ᠲᠠᠯᠪᠢᠬᠤ ᠭᠡᠵᠦ ᠪᠤᠢ᠃ ᠡᠨᠡ ᠠᠵᠢᠯ ᠳᠤ ᠪᠢ ᠪᠠᠰᠠ ᠲᠤᠰᠬᠠᠢ ᠮᠡᠷᠭᠡᠵᠢᠯᠳᠠᠨ ᠤ | ᠬᠤᠪᠢ ᠪᠠᠷ ᠤᠷᠤᠯᠴᠠᠵᠦ ᠪᠠᠶᠢᠨ᠎ᠠ᠃ ᠲᠡᠷᠡ ᠭᠡᠷ ᠨᠢ ᠪᠠᠭᠠᠬᠠᠨ ᠰᠢᠬ ᠪᠤᠯᠵᠦ ᠲᠠᠯᠪᠢᠬᠤ ᠶᠠᠭᠤᠮ᠎ᠠ ᠨᠢ ᠤᠯᠠᠨ᠂ ᠲᠠᠯᠪᠢᠵᠦ ᠪᠠᠭᠳᠠᠭᠠᠬᠤ ᠦᠭᠡᠢ ᠪᠤᠯᠤᠭᠠᠳ | ᠡᠬᠦᠨ ᠢ ᠪᠠᠨ ᠶᠠᠭᠠᠬᠢᠵᠦ ᠲᠠᠯᠪᠢᠬᠤ ᠪᠠᠨ ᠠᠷᠭ᠎ᠠ ᠪᠤᠳᠤᠵᠦ ᠪᠤᠢ᠃ ᠲᠡᠷᠡ ᠮᠦᠽᠧᠢ ᠳᠤ ᠲᠠᠳᠠᠲᠤᠩᠭᠠ ᠶᠢᠨ ᠱᠤᠭᠤᠮᠠᠯ ᠵᠠᠪᠠᠯ ᠪᠠᠶᠢᠬᠤ ᠭᠡᠷᠡᠭᠳᠠᠢ᠂ ᠨᠦᠬᠦᠭᠡ | ᠨᠢᠭᠡ ᠨᠢ ᠴᠢᠩᠬᠢᠰ ᠬᠠᠭᠠᠨ ᠪᠤᠯᠤᠨ ᠲᠠᠳᠠᠲᠤᠩᠭᠠ ᠶᠢᠨ ᠵᠤᠯᠭᠠᠯᠳᠠ ᠶᠢᠨ ᠱᠤᠭᠤᠮᠠᠯ ᠵᠢᠷᠤᠭ ᠪᠠᠶᠢᠬᠤ ᠭᠡᠷᠡᠭᠳᠠᠢ᠃ ᠡᠨᠡ ᠱᠤᠭᠤᠮᠠᠯ ᠨᠢ ᠴᠢᠩᠬᠢᠰ ᠬᠠᠭᠠᠨ ᠦᠪᠡᠷ ᠤᠨ | ᠪᠡᠶ᠎ᠠ ᠪᠠᠷ ᠢᠶᠠᠨ ᠲᠠᠳᠠᠲᠤᠩᠭᠠ ᠶᠢ ᠮᠡᠳᠡᠷᠡᠵᠦ᠂ ᠮᠤᠩᠭᠤᠯ ᠭᠡᠯᠡᠨ ᠤ ᠪᠠᠭᠰᠢ ᠪᠤᠯᠭᠠᠬᠰᠠᠨ᠂ ᠮᠤᠩᠭᠤᠯ ᠦᠰᠦᠭ ᠪᠢᠴᠢᠭ ᠢ ᠰᠤᠷᠭᠠᠬᠰᠠᠨ ᠢ ᠵᠢᠷᠤᠭ ᠲᠦᠷᠰᠦ ᠶᠢᠨ | ᠭᠡᠯᠪᠡᠷᠢ ᠪᠠᠷ ᠮᠠᠨ ᠤ ᠡᠮᠦᠨ᠎ᠠ ᠢᠯᠡᠷᠡᠬᠦᠯᠬᠦ ᠪᠤᠯᠤᠨ᠎ᠠ᠃ ︽ᠦᠰᠦᠭ ᠪᠢᠴᠢᠭ ᠤᠨ ᠮᠦᠽᠧᠢ︾ ᠪᠠᠷᠤᠭ 2018 ᠤᠨ ᠤ 9 ᠰᠠᠷ᠎ᠠ ᠳᠤ ᠡᠬᠦᠳᠠ ᠪᠠᠨ ᠨᠡᠭᠡᠭᠡᠬᠦ ᠪᠠᠷ | ᠲᠦᠯᠦᠪᠯᠡᠵᠦ ᠪᠤᠢ᠃ ︵ᠦᠯᠵᠡᠶᠢᠳᠤᠭᠳᠠᠬᠤ︶ |