ᠡᠭᠦᠯᠡᠨ ᠴᠡᠩᠭᠡᠷ ᠰᠢᠪᠠᠭᠤ ︵ᠳᠤᠯᠤᠭ᠎ᠠ︶
ᠨᠡᠶᠢᠲᠡᠯᠡᠭᠰᠡᠨ ᠴᠠᠭ᠄
2025/1/23
     ᠲᠡᠷᠡ ᠵᠢᠯ ᠪᠢ ᠲᠡᠭᠡᠵᠦ ᠦᠪᠡᠷ ᠤᠨ ᠬᠠᠮᠤᠭ ᠬᠠᠶᠢᠷᠠᠳᠠᠢ ᠪᠠᠭᠰᠢ ᠶᠢᠨ ᠠᠵᠢᠯ ᠠᠴᠠ ᠪᠠᠨ ᠦᠪᠡᠷ ᠤᠨ ᠡᠷᠬᠡ ᠮᠡᠳᠡᠯ ᠦᠭᠡᠢ ᠰᠠᠯᠵᠤ ᠬᠤᠳᠠ ᠶᠢᠨ ᠵᠠᠰᠠᠭ ᠤᠨ ᠦᠨᠳᠦᠷ ᠤᠯᠠᠭᠠᠨ ᠬᠡᠷᠡᠮ ᠲᠠᠢ ᠲᠣᠮᠤ ᠬᠤᠷᠢᠶᠠᠨ ᠳᠤ ᠠᠵᠢᠯᠯᠠᠬᠤ ᠪᠣᠯᠪᠠ᠃ ᠵᠠᠰᠠᠭ ᠵᠠᠬᠢᠷᠭᠠᠨ ᠤ ᠠᠵᠢᠯ ᠠᠯᠪᠠ ᠭᠡᠳᠡᠭ ᠬᠢᠴᠢᠶᠡᠯ ᠬᠦᠮᠦᠵᠢᠯ ᠯᠦᠭᠡ  ᠨᠢᠭᠡᠯᠨ ᠠᠳᠠᠯᠢ ᠦᠭᠡᠢ᠂ ᠡᠳᠦᠷᠵᠢᠨ ᠤᠳᠠᠰᠤ ᠲᠤᠰᠬᠤ ᠦᠭᠡᠢ ᠪᠣᠯ ᠬᠤᠷᠠᠯ ᠬᠤᠢ ᠭᠡᠳ ᠠᠮᠠᠷ ᠪᠠᠶᠢᠯᠭᠠᠬᠤ ᠦᠭᠡᠢ ᠶᠢᠨ ᠲᠡᠭᠡᠷ᠎ᠡ ᠬᠡᠨ ᠨᠢᠭᠡᠨ ᠲᠠᠢ ᠪᠠᠨ ᠨᠢᠭᠤᠷ ᠲᠡᠭᠡᠷ᠎ᠡ  ᠨᠢ ᠨᠤᠭᠤᠭᠠᠨ ᠬᠠᠰ ᠲᠠᠢ ᠦᠭᠡ ᠬᠡᠯᠡᠵᠦ ᠠᠷᠤ ᠬᠤᠶᠢᠭᠤᠷ ᠨᠢ ᠬᠠᠷ᠎ᠠ ᠭᠤᠬ᠎ᠠ ᠲᠠᠢ ᠬᠤᠶᠢᠬᠤᠷ ᠮᠡᠭᠡ ᠭᠦᠶᠦᠯᠭᠡᠳᠡᠭ ᠨᠢ ᠮᠢᠨᠦ ᠲᠣᠷ᠎ᠠ ᠰᠢᠷ᠎ᠠ ᠶᠢ ᠠᠯᠳᠠᠷᠠᠭᠤᠯᠤᠨ᠎ᠠ᠃ ᠭᠡᠪᠡᠴᠦ ᠠᠷᠭ᠎ᠠ ᠦᠭᠡᠢ ︿︿ᠴᠢᠮᠠᠶᠢ ᠵᠠᠯᠠᠭᠤ ᠬᠦᠮᠦᠨ᠂ ᠶᠡᠭᠡ ᠰᠤᠷᠭᠠᠭᠤᠯᠢ ᠲᠡᠭᠦᠰᠭᠡᠭᠰᠡᠨ ᠮᠤᠩᠭᠤᠯ ᠬᠢᠲᠡᠳ ᠬᠤᠶᠠᠷ ᠬᠡᠯᠡᠨ ᠤ ᠳᠠᠪᠠᠭᠤᠯᠢᠭ ᠲᠠᠢ᠂ ᠢᠷᠡᠭᠡᠳᠦᠢ ᠡᠷᠡᠮᠵᠢᠯᠡᠯ ᠲᠠᠢ ᠭᠡᠳ ᠰᠢᠯᠢᠵᠦ ᠠᠪᠴᠢᠷᠠᠭᠰᠠᠨ﹀﹀ ᠭᠡᠵᠦ ᠬᠡᠯᠡᠵᠦ ᠰᠤᠷᠭᠠᠭᠰᠠᠨ ᠮᠤᠨᠴᠤᠭ ᠲᠤᠯᠣᠭᠠᠢ ᠲᠠᠢ ᠮᠤᠨᠳᠤᠭ ᠳᠠᠷᠤᠭ᠎ᠠ ᠶᠢᠨ ᠦᠭᠡ ᠶᠢ ᠰᠣᠨᠣᠰᠴᠣ ᠦᠪᠡᠷᠲᠡᠭᠡᠨ ᠬᠢᠬᠦ ᠪᠠᠨ ᠬᠢᠵᠦ ᠶᠠᠪᠤᠯ᠎ᠠ᠃ ᠨᠢᠭᠡ ᠮᠡᠳᠡᠬᠦ ᠳᠤ ᠬᠠᠭᠠᠰ ᠵᠢᠯ ᠶᠠᠭᠠᠷᠠᠤ ᠭᠡᠬᠦ ᠳᠤ ᠪᠦᠳᠦᠭᠡᠭᠰᠡᠨ ᠶᠠᠭᠤᠮ᠎ᠠ ᠦᠬᠡᠢ᠂ ᠰᠡᠯᠡᠬᠦᠦ ᠭᠡᠬᠦ ᠳᠤ ᠰᠤᠯᠠ ᠰᠠᠭᠤᠭᠰᠠᠨ ᠴᠠᠭ ᠴᠤ ᠠᠯᠠᠭ᠎ᠠ ᠨᠢᠭᠡᠯᠬᠡᠨ ᠬᠥᠭ ᠲᠡᠭᠡᠨ ᠭᠦᠶᠦᠭᠰᠡᠭᠡᠷ ᠴᠠᠭᠠᠨ ᠰᠠᠷ᠎ᠠ ᠲᠦᠬᠦᠭᠰᠡᠨ ᠪᠠᠶᠢᠯ᠎ᠠ᠃ ᠪᠢ ᠡᠵᠢ ᠳᠡᠭᠡᠨ ᠨᠢᠭᠡ ᠬᠠᠭᠤᠳᠠᠰᠤ ᠵᠠᠬᠢᠳᠠᠯ ᠪᠢᠴᠢᠭᠡᠳ ᠰᠠᠷ᠎ᠠ ᠰᠢᠨ᠎ᠡ ᠶᠢᠨ ᠲᠤᠬᠠᠢ ᠬᠡᠳᠦᠨ ᠦᠭᠡ ᠶᠠᠷᠢᠬᠤ ᠶᠢᠨ ᠲᠠᠯᠢᠮ ᠰᠢᠨ᠎ᠡ ᠭᠠᠷᠤᠭ᠎ᠠ ᠠᠪᠤᠭᠰᠠᠨ ᠠᠯᠪᠠᠨ ᠪᠠᠶᠢᠭᠤᠯᠭ᠎ᠠ ᠪᠣᠯᠤᠨ ᠠᠵᠢᠯ ᠶᠠᠪᠤᠳᠠᠯ ᠮᠠᠨᠢ ᠮᠦᠨ ᠯᠡ ᠰᠠᠨᠠᠭ᠎ᠠ ᠪᠤᠳᠣᠯ ᠳᠤ ᠲᠠᠭᠠᠯᠠᠭᠳᠠᠵᠤ ᠦᠭᠭᠦ ᠦᠬᠡᠢ ᠴᠢᠨᠠᠭᠰᠢᠲᠠ ᠲᠠᠷᠤᠭᠠᠰᠤ ᠪᠣᠯᠵᠤ ᠰᠠᠨᠠᠭᠳᠠᠭᠤᠯᠤᠭᠠᠳ ᠪᠠᠶᠢᠬᠤ ᠲᠤᠬᠠᠢ ᠬᠡᠯᠡᠵᠦ ᠦᠭᠪᠡ᠃         ᠭᠠᠷᠠᠭ ᠪᠤᠯᠤᠭ᠎ᠠ ᠦᠭᠡᠢ ᠡᠵᠢ ᠠᠴᠠ ᠬᠠᠷᠢᠭᠤ ᠢᠷᠡᠬᠦᠯᠵᠦ ︿︿ᠬᠦᠦ ᠮᠢᠨᠢ᠂ ᠠᠵᠢᠯ ᠤᠶᠢᠯᠡᠰ ᠤᠨ ᠬᠤᠪᠢᠨ ᠳᠤ ᠠᠯᠢ ᠨᠢ ᠰᠠᠶᠢᠨ᠂ ᠠᠯᠢ ᠨᠢ ᠮᠠᠭᠤ ᠭᠡᠰᠡᠨ ᠲᠠᠰᠤᠷᠬᠠᠢ ᠢᠯᠭᠠᠭ᠎ᠠ ᠪᠠᠶᠢᠳᠠᠭ ᠦᠬᠡᠢ ᠶᠤᠮ᠃ ᠬᠡᠯᠡᠯᠭᠡᠨ ᠦᠬᠡᠢ ᠬᠦᠮᠦᠨ ᠪᠦᠬᠦᠨ ᠤ ᠡᠷᠢᠯ ᠬᠦᠰᠡᠯ᠂ ᠤᠶᠢᠯᠡᠰ ᠪᠦᠳᠦᠭᠡᠯ᠂ ᠲᠤᠷ᠎ᠠ ᠰᠤᠨᠢᠷᠬᠠᠯ᠂ ᠪᠠᠶᠢᠷᠢ ᠰᠠᠭᠤᠷᠢ ᠶᠢᠨ ᠲᠦᠯᠦᠭᠡᠨ ᠤ ᠰᠢᠭᠰᠢᠯᠲᠡ ᠰᠢᠢᠳᠪᠦᠷᠢ ᠨᠢ ᠠᠳᠠᠯᠢ ᠪᠤᠰᠤ ᠪᠠᠶᠢᠵᠤ ᠪᠣᠯᠳᠠᠭ᠃ ᠦᠨᠦᠳᠦᠷ ᠴᠢᠮ᠎ᠠ ᠳᠤ ᠲᠤᠯᠭᠠᠷᠠᠵᠤ ᠪᠠᠶᠢᠭ᠎ᠠ ᠠᠰᠠᠭᠤᠳᠠᠯ ᠪᠣᠯ ᠠᠯᠪᠠᠨ ᠪᠠᠶᠢᠭᠤᠯᠭ᠎ᠠ ᠪᠢᠰᠢ᠂ ᠮᠡᠷᠭᠡᠵᠢᠯ ᠴᠢᠳᠠᠪᠤᠷᠢ ᠴᠤ ᠪᠢᠰᠢ᠂ ᠬᠠᠷᠢᠨ ᠤᠪᠤᠷ ᠬᠠᠨᠳᠤᠯᠭ᠎ᠠ ᠪᠤᠯᠤᠨ᠎ᠠ᠃ ᠬᠦᠦ ᠮᠢᠨᠢ ᠬᠢᠭᠰᠡᠨ ᠠᠵᠢᠯ ᠳᠠᠭᠠᠨ ᠬᠠᠷᠢᠭᠤᠴᠠᠯᠭ᠎ᠠ ᠠᠯᠳᠠᠵᠣ ᠠᠪᠴᠤ ᠪᠠᠶᠢᠭ᠎ᠠ ᠴᠠᠯᠢᠩ ᠳᠠᠭᠠᠨ ᠴᠠᠯᠠᠭᠠᠶᠢᠳᠠᠨ ᠶᠠᠪᠤᠵᠣ ᠪᠣᠯᠳᠠᠭ ᠦᠭᠡᠢ ᠰᠢᠦ᠂ ᠡᠷᠬᠡᠪᠡᠰᠢ ᠣᠪᠣᠷ ᠰᠤᠷᠲᠠᠯ ᠦᠵᠡᠯ ᠰᠠᠨᠠᠭ᠎ᠠ ᠪᠠᠨ ᠵᠦᠪ ᠰᠠᠶᠢᠬᠠᠨ ᠠᠪᠴᠤ ᠶᠠᠪᠤᠬᠤ ᠤᠴᠢᠷᠳᠠᠢ ᠶᠤᠮ﹀﹀ ᠭᠡᠵᠦ ᠪᠠᠭ᠎ᠠ ᠰᠤᠷᠭᠠᠭᠤᠯᠢ ᠦᠵᠡᠭᠰᠡᠨ ᠦᠰᠦᠭ ᠪᠢᠴᠢᠭ ᠲᠡᠭᠡᠨ ᠲᠦᠰᠢᠭᠯᠡᠨ ᠶᠡᠭᠡ ᠰᠤᠷᠭᠠᠭᠤᠯᠢ ᠲᠡᠭᠦᠰᠭᠡᠭᠰᠡᠨ ᠤᠶᠤᠳᠠᠨ ᠬᠦᠦ ᠪᠠᠨ ᠥᠭᠡᠳᠡ ᠵᠦᠭ ᠲᠤᠨᠢ ᠤᠳᠣᠷᠢᠳᠣᠨ ᠰᠤᠷᠭᠠᠵᠤ ᠠᠪᠤᠭᠰᠠᠨ ᠪᠢᠯᠡ᠃        ᠡᠵᠢ ᠪᠢᠳᠡ ᠬᠤᠶᠠᠭᠤᠯᠠ ᠣᠨ ᠵᠢᠯ ᠤᠨ ᠣᠷᠲᠣ ᠳᠤ ᠢᠩᠬᠢᠵᠦ ᠯᠡ ᠬᠠᠭᠤᠳᠠᠰᠤ ᠵᠠᠬᠢᠳᠠᠯ ᠢᠶᠠᠷ ᠬᠠᠷᠢᠯᠴᠠᠳᠠᠭ ᠪᠠᠶᠢᠪᠠ᠃ ᠥᠨᠥᠬᠢ ᠬᠠᠶᠢᠷ᠎ᠠ ᠰᠡᠳᠭᠢᠯᠭᠡᠨ ᠭᠡᠳᠡᠭ ᠠᠭᠤᠤ ᠶᠡᠭᠡ ᠶᠠᠭᠤᠮ᠎ᠠ ᠡᠵᠢ ᠪᠢᠳᠠ ᠬᠤᠶᠠᠭᠤᠯᠠ ᠶᠢᠨ ᠲᠤᠮᠳᠠ ᠲᠡᠭᠡᠵᠦ ᠠᠶᠠᠨ ᠤ ᠰᠢᠪᠠᠭᠤ ᠰᠢᠭ᠋ ᠠᠯᠵᠢᠶᠠᠯ ᠦᠭᠡᠢ ᠲᠡᠭᠦᠯᠢᠵᠦ ᠠᠭᠠᠷ ᠮᠠᠨᠳᠠᠯ ᠤᠨ ᠴᠡᠩᠭᠡᠷ ᠡᠭᠦᠯᠡᠰ ᠵᠦᠰᠦᠨ ᠥᠭᠡᠳᠡ ᠥᠭᠡᠳᠡ ᠪᠠᠨ ᠨᠢᠰᠦᠯᠴᠠᠳᠠᠭ ᠴᠤ ᠪᠠᠶᠢᠵᠤ ᠶᠤᠮᠰᠠᠨ᠃
ᠢᠷᠡᠯᠲᠡ᠄ ᠬᠤᠯᠪᠤᠭ᠎ᠠ ᠪᠦᠷᠬᠡ