ᠡᠭᠦᠯᠡᠨ ᠴᠡᠩᠭᠡᠷ ᠰᠢᠪᠠᠭᠤ ︵ᠲᠠᠪᠤ︶
ᠨᠡᠶᠢᠲᠡᠯᠡᠭᠰᠡᠨ ᠴᠠᠭ᠄
2025/1/23
     ᠡᠵᠢ ᠮᠢᠨᠢ ᠭᠡᠨᠡᠳᠲᠡ ᠨᠢᠭᠡᠯ᠎ᠡ ᠢᠯᠢᠮ ᠵᠢᠯᠢᠮ ᠪᠣᠯᠤᠭᠰᠠᠨ ᠬᠤᠶᠠᠷ ᠬᠡᠦᠬᠡᠨ ᠢ ᠭᠠᠶᠢᠬᠠᠵᠤ ᠭᠠᠷᠤᠭᠠᠳ ︿︿ᠪᠦᠭᠡᠷ᠎ᠡ ᠡ᠂ ᠴᠠᠢ ᠠᠴᠠ ᠨᠢ ᠵᠤᠭᠤᠯᠠ ᠳ᠋ᠠ︕ ᠬᠦᠭᠡᠷᠦᠬᠦᠢ ᠪᠦᠭᠡᠷ᠎ᠡ ᠤᠳ ᠪᠠᠶᠢᠵᠤ ᠳ᠋ᠠ︕ ᠬᠤᠨᠢᠴᠢᠨ ᠪᠣᠯᠬᠤ ᠭᠡᠭᠴᠢ ᠰᠠᠶᠢᠬᠠᠨ ᠠᠵᠠ ᠶᠤᠮ ᠰᠢᠦ﹀﹀ ᠭᠡᠵᠦ ᠰᠠᠶ᠋ᠢ ᠶᠢᠨ ᠦᠭᠡ ᠪᠠᠨ ᠪᠠᠰᠠ ᠨᠢᠭᠡ ᠤᠳᠠᠭ᠎ᠠ ᠨᠣᠷᠱᠣᠵᠤ ᠵᠠᠪᠳᠠᠪᠠ᠃ ᠡᠨᠡ ᠦᠭᠡ ᠡᠨᠡ ᠤᠳᠠᠭ᠎ᠠ ᠳᠤ ᠬᠠᠷᠢᠭᠤᠯᠲᠠ ᠲᠠᠢ ᠪᠣᠯᠵᠤ ᠬᠤᠶᠠᠷ ᠬᠡᠦᠬᠡᠨ ᠤ ᠨᠢᠭᠡ ᠨᠢ ᠭᠤᠰ ᠬᠢᠨ ᠪᠤᠰᠴᠤ ︿︿ᠴᠢ ᠰᠠᠶ᠋ᠢ ᠪᠦᠭᠡᠷ᠎ᠡ ᠡ ︕ ᠡᠵᠢ ᠬᠦᠮᠦᠨ ᠪᠠᠶᠢᠭᠠᠳ ᠵᠦᠭᠡᠷ ᠪᠦᠭᠡᠷ᠎ᠡ᠂ ᠪᠦᠭᠡᠷ᠎ᠡ ᠭᠡᠳ᠂ ᠪᠦᠭᠡᠷ᠎ᠡ ᠠᠴᠠ ᠦᠭᠡᠷ᠎ᠡ ᠶᠠᠭᠤᠮ᠎ᠠ ᠮᠡᠳᠡᠬᠦ ᠪᠠᠨ ᠪᠠᠶᠢᠴᠢᠬᠠᠵᠠᠢ᠃ ᠥᠨᠥᠳᠥᠷ ᠯᠡ ᠨᠢᠭᠡ ᠵᠢᠭᠳᠡᠢ ᠶᠤᠮ﹀﹀ ᠭᠡᠳ ᠨᠦᠭᠦᠭᠡ ᠨᠢᠭᠡ ᠪᠠᠨ ᠲᠠᠲᠠᠵᠤ ᠠᠪᠤᠭᠠᠳ ᠭᠠᠷᠴᠤ ᠶᠠᠪᠤᠪᠠ᠃         ᠤᠬᠠᠭ᠎ᠠ ᠲᠥᠬᠦᠭᠡ ᠶᠢ ᠨᠢ ᠣᠯᠵᠤ ᠶᠠᠳᠠᠭᠰᠠᠨ ᠡᠵᠢ ᠨᠢᠭᠡᠮᠦᠰᠦᠨ ᠪᠠᠯᠠᠭ ᠠᠯᠳᠠᠭᠰᠠᠭᠠᠷ ᠠᠷᠤ ᠠᠴᠠ ᠨᠢ ᠭᠠᠷᠤᠳᠠᠯ᠎ᠠ ᠬᠠᠪᠤᠷ ᠤᠨ ᠬᠠᠷ᠎ᠠ ᠰᠠᠯᠬᠢ ᠲᠠᠢ ᠮᠠᠭᠤᠬᠠᠢ ᠡᠳᠦᠷ ᠬᠤᠶᠠᠷ ᠬᠡᠦᠬᠡᠨ ᠢ ᠬᠤᠮᠢᠵᠦ ᠠᠪᠤᠭᠠᠳ ᠪᠠᠷ᠎ᠠ ᠠᠯᠳᠠᠷᠠᠵᠠᠢ᠃ ᠭᠡᠷ ᠲᠡᠭᠡᠨ ᠡᠷᠭᠢᠨ ᠤᠷᠣᠵᠤ ᠠᠶᠠᠭ᠎ᠠ ᠴᠠᠢ ᠵᠠᠯᠬᠢᠲᠠᠯ᠎ᠠ ᠵᠠᠮ ᠲᠠᠭᠠᠷᠠᠵᠣ ᠠᠪᠤ ᠬᠠᠷᠢᠵᠤ ᠢᠷᠡᠭᠰᠡᠨ ᠪᠠᠶᠢᠯ᠎ᠠ᠃ ᠡᠵᠢ ᠮᠢᠨᠢ ᠪᠠᠶᠠᠰᠤᠯ ᠭᠤᠮᠤᠷᠬᠠᠯ ᠤᠨ ᠬᠤᠭᠤᠷᠤᠨᠳᠤ ᠰᠠᠶ᠋ᠢᠬᠠᠨ ᠪᠤᠯᠵᠤ ᠦᠩᠭᠡᠷᠡᠭᠰᠡᠨ ᠤᠴᠢᠷ ᠢ ᠭᠠᠷᠭᠠᠵᠤ ᠬᠡᠯᠡᠬᠦ ᠳᠤ ᠠᠪᠤ ᠮᠠᠨᠢ ᠮᠡᠯᠡᠰᠭᠡᠲᠡᠯ᠎ᠡ ᠢᠨᠢᠶᠡᠵᠦ ᠭᠠᠷᠤᠭᠠᠳ ᠰᠠᠶ᠋ᠢ ᠬᠠᠷᠢᠭᠤ ᠪᠣᠯᠵᠠᠢ᠃   
ᠢᠷᠡᠯᠲᠡ᠄ ᠬᠤᠯᠪᠤᠭ᠎ᠠ ᠪᠦᠷᠬᠡ