ᠲᠦᠷᠪᠡᠳᠡᠬᠢ ᠵᠢᠯ ᠤᠨ ᠨᠠᠮᠤᠷ ᠪᠢ ᠶᠡᠭᠡ ᠰᠤᠷᠭᠠᠭᠤᠯᠢ ᠪᠠᠨ ᠲᠡᠭᠦᠰᠭᠡᠭᠡᠳ ᠪᠠᠭᠰᠢ ᠶᠢᠨ ᠠᠯᠪᠠ ᠲᠤᠰᠴᠣ ᠬᠢᠴᠢᠶᠡᠯ ᠤᠨ ᠲᠠᠶᠢᠰᠠᠨ ᠳᠤ ᠭᠠᠷᠪᠠ᠃ ᠠᠵᠢᠯ ᠳᠤ | ᠤᠷᠤᠭᠰᠠᠨ ᠤ ᠲᠠᠷᠠᠭ᠎ᠠ ᠴᠠᠭ ᠢ ᠵᠠᠪᠳᠤᠨ ᠡᠵᠢ ᠳᠡᠭᠡᠨ ᠨᠢᠭᠡ ᠬᠠᠭᠤᠳᠠᠰᠤ ᠵᠠᠬᠢᠳᠠᠯ ᠪᠢᠴᠢᠵᠦ ᠠᠵᠢᠯ ᠠᠯᠪᠠᠨ ᠤ ᠪᠠᠶᠢᠳᠠᠯ ᠵᠢᠴᠢ ᠰᠤᠷᠭᠠᠭᠤᠯᠢ ᠨᠢᠭᠡᠴᠡ ᠶᠢᠨ ᠢᠶᠠᠨ | ᠲᠤᠬᠠᠢ ᠬᠡᠯᠡᠵᠦ ᠦᠭᠭᠦᠭᠰᠡᠨ ᠳᠤ ᠤᠳᠠᠯ ᠦᠬᠡᠢ ᠡᠵᠢ ᠠᠴᠠ ᠬᠠᠷᠢᠭᠤ ᠢᠷᠡᠭᠦᠯᠵᠡᠢ᠃ ᠲᠡᠷᠡ ᠵᠠᠬᠢᠳᠠᠯ ᠳᠠᠭᠠᠨ ᠡᠶᠢᠮᠦ ᠨᠢᠭᠡᠨ ᠢᠨᠢᠶᠡᠳᠦᠮᠳᠡᠢ ᠪᠦᠭᠡᠳ ᠢᠳᠡᠭᠡᠯᠳᠡᠢ | ᠦᠯᠢᠭᠡᠷ ᠢ ᠶᠡᠷᠢᠵᠦ ᠥᠭᠭᠦᠭᠰᠡᠨ ᠪᠢᠯᠡ᠃ | ᠲᠡᠭᠡᠷ᠎ᠡ ᠵᠠᠭᠤᠨ ᠤ ᠵᠢᠷᠠᠭᠠᠳ ᠣᠨ ᠤ ᠲᠤᠮᠳᠠᠴᠢ ᠪᠠᠷ ᠮᠠᠨ ᠤ ᠪᠠᠷᠢᠭᠠᠳᠠ ᠳᠤ ᠲᠠᠪᠤᠨ ᠨᠡᠷᠡᠰ ᠲᠢᠶᠡᠨᠵᠢᠨ ᠰᠡᠭᠡᠭᠡᠳᠡᠨ ᠢᠷᠡᠪᠡ᠃ ᠲᠡᠳᠡᠨᠦᠰ ᠤᠨ ᠲᠤᠲᠤᠷ᠎ᠠ | ᠬᠤᠶᠠᠷ ᠡᠮᠡᠭᠳᠡᠢ ᠪᠠᠶᠢᠭᠰᠠᠨ ᠪᠠ ᠤᠳᠠᠯ ᠦᠭᠡᠢ ᠮᠠᠨ ᠤ ᠬᠢ ᠲᠠᠢ ᠡᠷᠢᠶ᠎ᠡ ᠦᠭᠡᠢ ᠲᠠᠰᠣᠯᠴᠠᠵᠤ ᠤᠶᠢᠷ᠎ᠠ ᠵᠠᠭᠤᠷ᠎ᠠ ᠶᠠᠪᠤᠯᠴᠠᠬᠤ ᠪᠣᠯᠵᠠᠢ᠃ ᠬᠠᠪᠤᠷ ᠤᠨ ᠨᠢᠭᠡ ᠡᠳᠦᠷ | ᠲᠡᠳᠡ ᠬᠤᠶᠠᠭᠤᠯᠠ ᠵᠣᠨ ᠤ ᠵᠦᠢᠷᠡᠢ ᠬᠤᠶᠠᠷ ᠬᠠᠷᠢᠶᠠᠴᠠᠢ ᠰᠢᠭ᠋ ᠵᠢᠷᠭᠢᠯᠳᠦᠨ ᠢᠨᠢᠶᠡᠯᠴᠡᠭᠰᠡᠭᠡᠷ ᠢᠷᠡᠭᠰᠡᠨ ᠳᠤ ︿︿ᠪᠦᠭᠡᠷ᠎ᠡ ᠡ᠂ ᠰᠠᠶᠢᠨ ᠢᠷᠡᠪᠡᠦ︖ ᠬᠤᠶᠢᠮᠤᠷ | ᠲᠡᠰᠢ ᠨᠢ᠂᠂᠂᠂﹀﹀ ᠭᠡᠵᠦ ᠡᠵᠢ ᠮᠠᠨᠢ ᠢᠷᠡᠭᠰᠡᠨ ᠬᠤᠶᠠᠷ ᠵᠤᠴᠢᠨ ᠢᠶᠠᠨ ᠬᠠᠯᠠᠭᠤᠨ ᠴᠠᠢ ᠲᠠᠢ ᠤᠭᠲᠣᠪᠠ᠃ ᠲᠡᠳᠡ ᠬᠤᠶᠠᠭᠤᠯᠠ ᠴᠤ ᠡᠷᠢᠶ᠎ᠡ ᠭᠠᠷᠭᠠᠯ ᠦᠭᠡᠢ | ᠠᠶᠠᠭ᠎ᠠ ᠲᠠᠢ ᠴᠠᠢ ᠠᠴᠠ ᠲᠤᠰᠣᠨ ᠠᠪᠴᠤ ᠠᠮᠰᠠᠭᠰᠠᠭᠠᠷ ᠪᠢᠴᠢᠬᠠᠨ ᠨᠤᠭᠤᠭᠠᠨ ᠪᠤᠭᠴᠤ ᠪᠠᠨ ᠠᠭᠤᠳᠠᠯᠵᠤ ᠨᠢᠭᠡ ᠨᠢ ᠨᠢᠭᠡ ᠭᠠᠷ ᠲᠡᠪᠳᠡᠷ ᠭᠠᠷᠭᠠᠵᠤ ᠠᠪᠤᠭᠠᠳ | ᠡᠵᠢ ᠠᠴᠠ ᠬᠡᠷᠭᠢᠨ ᠬᠤᠨᠢᠨ ᠰᠦᠷᠦᠭ ᠳᠠᠭᠠᠭᠠᠴᠢᠯᠠᠵᠤ ᠬᠠᠷᠢᠭᠤᠯᠬᠤ ᠪᠠ ᠶᠠᠭᠠᠬᠢᠵᠤ ᠠᠷᠠᠴᠢᠯᠠᠵᠤ ᠳᠣᠳᠣᠮᠳᠠᠬᠤ ᠲᠤᠬᠠᠢ ᠠᠷᠭ᠎ᠠ ᠲᠤᠷᠰᠢᠯᠭ᠎ᠠ ᠠᠴᠠ ᠠᠰᠠᠭᠤᠵᠤ | ᠡᠬᠢᠯᠡᠪᠡ᠃ ᠮᠠᠯᠵᠢᠬᠤ ᠨᠤᠲᠤᠭ ᠲᠤ ᠪᠠᠭᠤᠭᠰᠠᠨ ᠰᠡᠭᠡᠭᠡᠳᠡᠨ ᠶᠤᠮ ᠮᠠᠯᠵᠢᠬᠤ ᠠᠮᠢᠲᠤᠷᠠᠯ ᠳᠤ ᠠᠭᠤᠰᠴᠤ ᠰᠤᠷᠬᠤ ᠨᠢ ᠲᠦᠮᠡᠨ ᠵᠦᠪ᠃ ᠡᠵᠢ ᠮᠢᠨᠢ ᠦᠪᠡᠷ ᠤᠨ | ᠪᠦᠬᠦ ᠮᠡᠳᠡᠭᠰᠡᠨ ᠴᠢᠳᠠᠭᠰᠠᠨ ᠢᠶᠠᠨ ᠨᠢᠭᠤᠯ ᠦᠭᠡᠢ ᠶᠠᠷᠢᠵᠤ ᠥᠭᠭᠦ ᠵᠠᠭᠤᠷ᠎ᠠ ︿︿ᠪᠦᠭᠡᠷ᠎ᠡ ᠡ᠂ ᠴᠠᠢ ᠶᠢ ᠴᠢᠨᠢ ᠬᠠᠯᠠᠭᠤᠨ ᠲᠡᠭᠡᠷ᠎ᠡ ᠨᠢ ᠵᠤᠭᠤᠯᠠᠳᠠᠭ ᠶᠤᠮ ᠰᠢᠦ︕﹀﹀ | ᠭᠡᠪᠡ᠃ ᠡᠨᠡ ᠦᠭᠡ ᠶᠢ ᠨᠢ ᠰᠤᠨᠤᠰᠤᠭᠰᠠᠨ ᠬᠤᠶᠠᠷ ᠬᠡᠦᠬᠡᠨ ᠡᠷᠭᠢᠭᠡᠳ ᠴᠠᠭᠠᠰᠢ ᠠᠰᠠᠭᠤᠬᠤ ᠶᠠᠭᠤᠮ᠎ᠠ ᠠᠯᠭ᠎ᠠ ᠪᠣᠯᠵᠠᠢ᠃ |