ᠭᠤᠷᠪᠠᠳᠤᠭᠠᠷ ᠣᠨ ᠤ ᠵᠤᠨ ᠲᠤᠮᠳᠠᠯᠠᠵᠤ ᠲᠠᠷᠬᠠᠯᠲᠠ ᠪᠣᠯᠬᠤ ᠠᠴᠠ ᠡᠮᠦᠨᠡᠭᠡᠨ ᠬᠠᠭᠠᠰ ᠰᠠᠷ᠎ᠠ ᠳᠤ ᠡᠵᠢ ᠮᠢᠨᠢ ᠪᠠᠰᠠ ᠨᠢᠭᠡ ᠬᠠᠭᠤᠳᠠᠰᠤ ᠵᠠᠬᠢᠳᠠᠯ ᠢᠷᠡᠬᠦᠯᠪᠡ᠃ | ᠵᠠᠬᠢᠳᠠᠯ ᠢ ᠨᠢ ᠵᠠᠳᠠᠯᠵᠤ ᠦᠵᠡᠬᠦ ᠳᠤ ᠦᠩᠭᠡᠷᠡᠭᠰᠡᠨ ᠤ ᠬᠢ ᠲᠠᠢ ᠪᠠᠨ ᠠᠳᠠᠯᠢ ᠦᠬᠡᠢ ᠪᠤᠯᠵᠤ ᠬᠠᠭᠤᠳᠠᠰᠤ ᠬᠡᠮᠵᠢᠶ᠎ᠡ ᠨᠢ ᠮᠡᠳᠡᠭᠳᠡᠮ᠎ᠡ ᠵᠤᠵᠠᠭᠠᠷᠠᠭᠰᠠᠨ ᠪᠠ ᠵᠠᠬᠢᠳᠠᠯ | ᠤᠨ ᠴᠠᠭᠠᠰᠤ ᠪᠠᠨ ᠬᠦᠷᠳᠡᠯ᠎ᠡ ᠨᠢᠭᠡᠯᠡ ᠦᠬᠡᠷ᠎ᠡ ᠪᠤᠯᠭᠠᠨ ᠡᠪᠬᠡᠭᠰᠡᠨ ᠪᠠᠶᠢᠯ᠎ᠠ᠃ ᠪᠢ ᠵᠠᠬᠢᠳᠠᠯ ᠢ ᠨᠢ ᠵᠠᠳᠠᠯᠬᠤ ᠳᠤ ᠪᠦᠬᠦᠯᠢ ᠵᠢᠷᠭᠤᠭᠠᠨ ᠬᠠᠭᠤᠳᠠᠰᠤ ᠶᠢ | ᠲᠦᠭᠦᠷᠡᠲᠡᠯ᠎ᠡ ᠪᠢᠴᠢᠭᠰᠡᠨ ᠪᠦᠭᠡᠳ ᠲᠤᠮᠳᠠ ᠨᠢ ᠨᠢᠭᠡ ᠭᠡᠰᠡᠭ ᠲᠠᠪᠢᠳᠦ ᠶᠢᠨ ᠵᠤᠭᠤᠰ ᠢ ᠪᠠᠭᠯᠠᠭᠠᠳ ᠢᠷᠡᠭᠦᠯᠵᠡᠢ᠃ | ᠤᠷᠢᠳᠦ ᠠᠪᠤ ᠨᠠᠳᠠ ᠳᠤ ᠵᠤᠭᠤᠰ ᠭᠤᠪᠢᠭᠤᠯᠵᠤ ᠥᠭᠳᠡᠭ ᠪᠠᠶᠢᠵᠠᠢ᠃ ᠡᠵᠢ ᠶᠡᠷᠦ ᠢᠯᠡᠭᠡᠭᠰᠡᠨ ᠤᠳᠠᠭ᠎ᠠ ᠦᠭᠡᠢ᠃ ᠭᠡᠪᠡᠴᠦ ᠡᠨᠡ ᠤᠳᠠᠭ᠎ᠠ ᠡᠵᠢ ᠮᠢᠨᠢ | ᠶᠠᠭᠤᠨ ᠳᠤ ᠴᠤ ᠰᠡᠵᠢᠭ ᠠᠵᠢᠭ ᠬᠦᠷᠬᠦ ᠦᠬᠡᠢ ᠰᠢᠭᠤᠳ ᠵᠠᠬᠢᠳᠠᠯ ᠳᠠᠭᠠᠨ ᠲᠠᠪᠢᠨ ᠵᠤᠭᠤᠰ ᠪᠠᠭᠯᠠᠵᠤ ᠢᠷᠡᠭᠦᠯᠪᠡ᠃ ᠲᠡᠷᠡᠬᠦ ᠤᠨᠴᠠᠭᠠᠢ ᠭᠱᠠᠨ ᠮᠢᠨᠦ ᠬᠠᠯᠠᠭᠤᠨ | ᠨᠢᠯᠪᠤᠰᠤ ᠬᠠᠮᠠᠷ ᠢ ᠬᠠᠪᠴᠢᠨ ᠤᠷᠤᠰᠤᠭᠰᠠᠭᠠᠷ ᠬᠤᠶᠠᠷ ᠡᠩᠭᠡᠷ ᠢ ᠨᠢᠭᠡᠮᠦᠰᠦᠨ ᠳᠡᠪᠳᠦᠭᠡᠬᠦ ᠳᠤ ᠬᠦᠷᠴᠦ ᠪᠠᠶᠢᠯ᠎ᠠ᠃ ᠡᠵᠢ ᠬᠦᠮᠦᠨ ᠭᠡᠳᠡᠭ ᠯᠡ ᠰᠠᠶ᠋ᠢ ᠢᠩᠭᠢᠵᠦ | ᠬᠢᠵᠦ ᠴᠢᠳᠠᠳᠠᠭ ᠢ ᠪᠢᠰᠢᠷᠡᠨ ᠰᠠᠨᠠᠭᠰᠠᠭᠠᠷ ᠵᠠᠬᠢᠳᠠᠯ ᠢ ᠨᠢ ᠵᠠᠯᠭᠠᠭᠠᠳ ᠤᠩᠰᠢᠬᠤ ᠳᠤ ︿︿ᠮᠠᠨ ᠤ ᠬᠢᠨ ᠬᠤᠪᠢᠶᠠᠵᠤ ᠤᠯᠤᠭᠰᠠᠨ ᠭᠤᠴᠢᠨ ᠬᠤᠨᠢᠨ ᠠᠴᠠ ᠭᠤᠷᠪᠠᠨ | ᠢᠬᠢᠷ᠎ᠡ ᠬᠤᠷᠠᠭ᠎ᠠ ᠲᠤᠰᠴᠤ᠂ ᠲᠦᠷᠪᠡᠨ ᠦᠨᠢᠶ᠎ᠠ᠂ ᠨᠢᠭᠡ ᠭᠤᠨᠵᠢ ᠲᠠᠪᠤᠨ ᠲᠤᠭᠤᠯ ᠲᠣᠭᠤᠯᠯᠠᠵᠠᠢ᠃ ᠬᠡᠷᠪᠡ ᠲᠡᠭᠷᠢ ᠨᠠᠷᠠ ᠲᠡᠭᠰᠢ ᠨᠢᠳᠦ ᠪᠠᠷ ᠦᠵᠡᠪᠡᠯ ᠡᠨᠡ ᠵᠢᠯ | ᠬᠡᠮᠡᠵᠦ ᠠᠯᠢ ᠠᠯᠢ ᠴᠤ ᠵᠢᠯ ᠤᠳ ᠠᠴᠠ ᠪᠦᠷ ᠥᠩ ᠲᠠᠩᠰᠤᠭ ᠪᠤᠯᠬᠤ ᠨᠢ ᠡ﹀﹀ ᠬᠡᠵᠦ ᠤᠷᠮ᠎ᠠ ᠶᠢ ᠬᠦᠭᠵᠢᠭᠡᠲᠡᠯᠡ ᠪᠢᠴᠢᠭᠰᠡᠨ ᠪᠠᠶᠢᠯ᠎ᠠ᠃ |