ᠲᠤᠬᠠᠢ ᠶᠢᠨ ᠦᠶᠡᠰ ᠠᠬ᠎ᠠ ᠪᠢᠳᠡ ᠬᠤᠶᠠᠭᠤᠯᠠ ᠨᠢᠭᠡᠳᠦᠯ ᠤᠨ ᠲᠤᠮᠲᠠᠳᠤ ᠰᠤᠷᠭᠠᠭᠤᠯᠢ ᠳᠤ ᠪᠠᠶᠢᠷᠢᠯᠠᠵᠤ ᠪᠠᠶᠢᠭᠰᠠᠨ ᠪᠠ ᠲᠡᠬᠦᠦ ᠨᠠᠷ ᠴᠤ ᠨᠠᠰᠤ ᠵᠢᠯ ᠢᠶᠠᠨ | ᠳᠠᠷᠠᠭᠠᠯᠠᠨ ᠪᠠᠭ᠎ᠠ ᠰᠤᠷᠭᠠᠭᠤᠯᠢ ᠳᠤ ᠰᠣᠷᠣᠯᠴᠠᠵᠤ ᠪᠠᠶᠢᠯ᠎ᠠ᠃ ᠨᠢᠭᠡ ᠶᠡᠭᠡ ᠰᠠᠶᠢᠨ ᠨᠢ ᠭᠡᠪᠡᠯ ᠲᠡᠷᠡᠬᠦ ᠴᠠᠭ ᠲᠤ ᠰᠤᠷᠤᠯᠭ᠎ᠠ ᠶᠢᠨ ᠰᠦᠢᠳᠭᠡᠯ ᠡᠨᠡ ᠲᠡᠷᠡ ᠭᠡᠵᠦ | ᠲᠤᠭᠠᠳᠠᠢ ᠬᠡᠳᠦᠬᠡᠨ ᠮᠦᠩᠭᠦ ᠬᠤᠷᠢᠶᠠᠳᠠᠭ᠃ ᠭᠡᠪᠡᠴᠦ ᠥᠨᠥᠬᠢ ᠲᠤᠭᠠᠳᠠᠢ ᠬᠡᠳᠦᠬᠡᠨ ᠮᠦᠩᠭᠦ ᠨᠢ ᠤᠷᠤᠯᠭ᠎ᠠ ᠪᠠᠭ᠎ᠠ ᠵᠠᠷᠤᠯᠭ᠎ᠠ ᠶᠡᠭᠡ ᠮᠠᠨ ᠤ ᠬᠢᠨ ᠳᠤ ᠮᠦᠨ ᠪᠠᠭ᠎ᠠ | ᠪᠤᠰᠤ ᠳᠠᠷᠤᠭᠠᠰᠤ ᠪᠣᠯᠳᠠᠭ᠃ ᠭᠡᠲᠡᠯ᠎ᠡ ᠳᠠᠷᠤᠭᠠᠰᠤ ᠭᠡᠳᠡᠭ ᠤᠬᠠᠭᠠᠨ ᠲᠠᠢ ᠬᠦᠮᠦᠨ ᠳᠤ ᠳᠠᠷᠤᠭᠠᠰᠤ ᠪᠣᠯᠳᠠᠭ ᠦᠭᠡᠢ ᠬᠠᠷᠢᠨ ᠳᠣᠷᠪᠢ ᠬᠦᠴᠦ ᠪᠣᠯᠳᠠᠭ ᠨᠢ ᠦᠨᠡᠨ᠃ | ᠡᠵᠢ ᠮᠢᠨᠢ ᠠᠯᠢ ᠴᠢᠳᠠᠬᠤᠶᠢᠴᠠ ᠦᠷ᠎ᠡ ᠬᠡᠦᠬᠡᠳ ᠤᠨ ᠢᠶᠠᠨ ᠦᠰᠦᠯᠲᠡ ᠪᠤᠶᠢᠵᠢᠯᠲᠡ ᠵᠢᠴᠢ ᠰᠤᠷᠭᠠᠨ ᠬᠦᠮᠦᠵᠢᠯ ᠳᠤ ᠰᠠᠭᠠᠳ ᠪᠣᠯᠭᠠᠬᠤ ᠦᠭᠡᠢ ᠶᠢᠨ ᠲᠦᠯᠦᠭᠡ | ᠦᠳᠡᠰᠢ ᠳᠡᠭᠡᠨ ᠵᠢᠵᠢᠭ ᠲᠤᠰᠤᠨ ᠳ᠋ᠧᠩ ᠢᠶᠠᠨ ᠠᠰᠠᠭᠠᠵᠤ ᠭᠤᠷᠪᠠᠨ ᠨᠤᠬᠠᠢ ᠭᠤᠳᠣᠶᠢᠲᠠᠯᠠ ᠭᠤᠳᠤᠯ ᠱᠠᠬᠠᠢ ᠬᠤᠪᠴᠠᠰᠤ ᠬᠤᠨᠠᠷ ᠤᠶᠣᠵᠤ ᠲᠣᠪᠬᠢᠳᠠᠭ ᠤᠨ ᠳᠠᠭᠠᠤ | ᠡᠳᠦᠷᠵᠢᠨ ᠪᠤᠷᠪᠢ ᠪᠤᠰᠬᠢᠯ ᠦᠭᠡᠢ ᠬᠤᠪᠢᠨ ᠤ ᠬᠡᠳᠦᠨ ᠰᠢᠭᠢᠷ᠎ᠡ ᠪᠠᠨ ᠠᠶᠠᠳᠠᠢ ᠳᠡᠮᠳᠡᠢ ᠠᠷᠠᠴᠢᠯᠠᠨ ᠲᠤᠲᠤᠮᠲᠠᠵᠤ ᠠᠵᠢᠯ ᠠᠮᠢᠲᠤᠷᠠᠯ ᠳᠠᠭᠠᠨ ᠨᠦᠬᠦᠪᠦᠷᠢ ᠪᠣᠯᠭᠠᠵᠤ | ᠪᠠᠶᠢᠪᠠ᠃ | ᠦᠨᠡᠨ ᠢ ᠬᠡᠯᠡᠪᠡᠯ ᠠᠪᠤ ᠶᠢᠨ ᠴᠠᠯᠢᠩ ᠬᠦᠯᠦᠰᠦ ᠥᠰᠥᠯᠡ ᠨᠡᠮᠡᠭᠳᠡᠯ᠎ᠡ ᠭᠡᠵᠦ ᠵᠠᠬᠢᠳᠠᠯ ᠳᠠᠭᠠᠨ ᠪᠢᠴᠢᠳᠡᠭ ᠢ ᠨᠢ ᠪᠢ ᠲᠡᠮᠡᠢ ᠢᠲᠡᠭᠡᠳᠡᠭ ᠦᠬᠡᠢ ᠪᠠᠶᠢᠭᠰᠠᠨ | ᠶᠤᠮ᠃ ᠶᠠᠭᠤ ᠭᠡᠪᠡᠯ ᠲᠡᠭᠡᠷ᠎ᠡ ᠵᠠᠭᠤᠨ ᠤ ᠨᠠᠶᠠᠭᠠᠳ ᠤᠨ ᠭᠡᠵᠦ ᠤᠯᠤᠰ ᠠᠷᠠᠳ ᠤᠨ ᠠᠵᠤ ᠠᠬᠤᠢ ᠬᠤᠴᠤᠷᠤᠩᠭᠤᠢ᠂ ᠨᠡᠶᠢᠭᠡᠮ ᠠᠮᠢᠲᠤᠷᠠᠯ ᠤᠨ ᠬᠦᠷᠦᠯᠴᠡᠭᠡ | ᠪᠠᠷᠤᠭᠳᠠᠢ ᠪᠠᠶᠢᠭᠰᠠᠨ ᠲᠤᠯᠠ ᠠᠵᠢᠯᠲᠠᠨ ᠠᠵᠢᠯᠴᠢᠨ ᠤ ᠴᠠᠯᠢᠩ ᠬᠦᠯᠦᠰᠦ ᠶᠢ ᠦᠷᠬᠦᠯᠵᠢ ᠦᠰᠭᠡᠵᠦ ᠦᠭᠬᠦ ᠦᠨᠳᠦᠰᠦᠨ ᠪᠤᠯᠤᠮᠵᠢ ᠬᠠᠷᠠᠬᠠᠨ ᠠᠯᠭ᠎ᠠ ᠶᠤᠮ᠃ | ᠲᠡᠭᠢᠵᠤ ᠬᠡᠯᠡᠪᠡᠯ ᠪᠢ ᠡᠪᠤᠯ ᠵᠤᠨ ᠤ ᠲᠠᠷᠬᠠᠯᠲᠠ ᠪᠠᠷ ᠭᠡᠷ ᠪᠤᠴᠠᠬᠤ ᠳᠠᠭᠠᠨ ᠲᠡᠳᠡᠭᠡᠷ ᠤᠴᠢᠷ ᠶᠠᠪᠤᠳᠠᠯ ᠤᠳ ᠤᠨ ᠦᠨᠡᠨ ᠮᠦᠨ ᠢ ᠪᠦᠷᠢᠨ ᠤᠯᠵᠤ ᠮᠡᠳᠡᠳᠡᠭ᠃ | ᠭᠡᠲᠡᠯ᠎ᠡ ᠡᠵᠢ ᠮᠢᠨᠢ ᠵᠠᠪᠠᠯ ᠲᠡᠭᠡᠵᠦ ᠪᠢᠴᠢᠬᠦ ᠪᠠᠨ ᠡᠷᠡᠭᠡᠯᠵᠡᠯᠡᠯ ᠦᠭᠡᠢ ᠪᠢᠴᠢᠳᠡᠭ ᠪᠠᠶᠢᠯ᠎ᠠ᠃ |