︵ᠨᠠᠶᠢᠷᠠᠭᠤᠯᠤᠯ︶ ᠪ᠊᠂ ᠰ᠊᠂ ᠪᠢᠯᠢᠭᠡᠷᠭᠢᠮ | | | | ᠨᠠᠳᠠ ᠶᠢ ᠶᠡᠭᠡ ᠰᠤᠷᠭᠠᠭᠤᠯᠢ ᠳᠤ ᠰᠤᠷᠤᠯᠴᠠᠵᠤ ᠪᠠᠶᠢᠭᠰᠠᠨ ᠦᠶᠡᠰ ᠡᠵᠢ ᠮᠢᠨᠢ ᠦᠷᠬᠦᠯᠵᠢ ᠵᠠᠬᠢᠳᠠᠯ ᠢᠷᠡᠬᠦᠯᠳᠡᠭ ᠪᠠᠶᠢᠵᠠᠢ᠃ ᠭᠦᠯᠢᠭᠡᠷ ᠵᠢᠪᠡ ᠰᠠᠭᠤᠭᠰᠠᠨ | ᠲᠦᠪᠡᠳ ᠤᠨᠢᠰᠦ ᠲᠠᠢ ᠰᠢᠷᠠᠪᠲᠤᠷ ᠠᠪᠳᠠᠷ᠎ᠠ ᠪᠠᠨ ᠰᠡᠬᠦᠵᠦ ᠬᠦᠶᠦᠬᠡᠨ ᠤᠯᠠᠭᠠᠨ ᠱᠤᠭᠤᠮ ᠲᠠᠢ ᠵᠠᠬᠢᠳᠠᠯ ᠤᠨ ᠴᠠᠭᠠᠰᠤ ᠪᠣᠯᠤᠨ ᠪᠣᠷᠣ ᠡᠷᠢᠶᠡᠨ ᠬᠤᠸᠠᠷ ᠲᠠᠢ | ᠬᠠᠷᠠᠨᠲᠠ ᠭᠠᠷᠭᠠᠵᠤ ᠠᠪᠤᠭᠠᠳ ᠵᠠᠬᠢᠳᠠᠯ ᠢᠶᠠᠨ ᠪᠢᠴᠢᠵᠦ ᠡᠬᠢᠯᠡᠭᠦᠯᠳᠡᠭ ᠭᠡᠵᠦ ᠠᠪᠤ ᠨᠠᠳᠠ ᠳᠤ ᠬᠡᠯᠡᠵᠦ ᠥᠭᠭᠦᠭᠰᠡᠨ ᠶᠤᠮ᠃ | ᠡᠵᠢ ᠮᠢᠨᠢ ᠵᠠᠷᠢᠮ ᠳᠠᠭᠠᠨ ᠠᠪᠤ ᠶᠢᠨ ᠴᠢᠨᠢ ᠴᠠᠯᠢᠩ ᠨᠢᠭᠡ ᠲᠦᠬᠦᠷᠢᠭ ᠬᠤᠷᠢᠨ ᠮᠦᠩᠬᠦ ᠦᠰᠦᠭᠰᠡᠨ ᠭᠡᠵᠦ ᠪᠢᠴᠢᠳᠡᠭ ᠪᠠᠶᠢᠯ᠎ᠠ᠃ ᠲᠤᠬᠠᠢ ᠶᠢᠨ ᠦᠶᠡᠰ | ᠮᠠᠨ ᠤ ᠬᠢᠨ ᠭᠠᠭᠴᠠ ᠠᠪᠤ ᠶᠢᠨ ᠰᠠᠷ᠎ᠠ ᠳᠠᠭᠠᠨ ᠤᠯᠳᠠᠭ ᠬᠤᠷᠢᠨ ᠨᠠᠢᠮᠠᠨ ᠲᠦᠬᠦᠷᠢᠭ ᠴᠠᠯᠢᠩ ᠵᠢᠴᠢ ᠡᠵᠢ ᠶᠢᠨ ᠬᠤᠨᠢᠨ ᠤ ᠬᠦᠴᠦ ᠭᠡᠵᠦ ᠪᠠᠷᠢᠭᠠᠳᠠ ᠠᠴᠠ | ᠬᠤᠪᠢᠶᠠᠵᠤ ᠥᠭᠳᠡᠭ ᠦᠷᠦᠪᠴᠢᠬᠡᠨ ᠤᠷᠣᠯᠭ᠎ᠠ ᠳᠤ ᠲᠦᠰᠢᠭᠯᠡᠨ ᠠᠵᠤ ᠠᠮᠢᠲᠤᠷᠠᠯ ᠢᠶᠠᠨ ᠠᠷᠭᠠᠴᠠᠳᠠᠭ ᠪᠠᠶᠢᠵᠠᠢ᠃ | ᠠᠪᠤ ᠶᠢᠨ ᠰᠠᠷ᠎ᠠ ᠪᠦᠷᠢ ᠠᠪᠴᠢᠷᠠᠵᠤ ᠦᠭᠳᠡᠭ ᠬᠤᠷᠢᠨ ᠨᠠᠶᠢᠮᠠᠨ ᠲᠦᠬᠦᠷᠢᠭ ᠠᠴᠠ ᠨᠠᠢᠮᠠᠨ ᠲᠦᠬᠦᠷᠢᠭ ᠢ ᠨᠢ ᠭᠠᠷᠭᠠᠨ ᠠᠪᠴᠤ ᠬᠤᠭᠤᠯᠠᠨ ᠰᠦᠢᠳᠭᠡᠯ | ᠭᠡᠲᠡᠯ᠎ᠡ ᠨᠠᠮ ᠡᠪᠯᠡᠯ ᠤᠨ ᠵᠠᠷᠣᠳᠠᠯ ᠭᠡᠳ ᠬᠠᠷᠢᠭᠤ ᠪᠤᠴᠠᠭᠠᠵᠤ ᠦᠭᠳᠡᠭ ᠠᠴᠠ ᠭᠠᠳᠠᠨ᠎ᠠ ᠦᠯᠡᠳᠡᠭᠰᠡᠨ ᠢ ᠨᠢ ︿︿ᠲᠠᠪᠤᠳᠤ ᠶᠢᠨ᠂ ᠬᠤᠶᠠᠷᠳᠤ ᠶᠢᠨ᠂ ᠨᠢᠭᠡᠳᠦ ᠶᠢᠨ᠂ | ᠂᠂᠂﹀﹀ ᠭᠡᠵᠦ ᠡᠬᠢ ᠠᠳᠠᠭ ᠲᠠᠢ ᠡᠮᠬᠢᠯᠡᠵᠦ ᠠᠪᠤᠭᠠᠳ ᠭᠠᠯ ᠤᠯᠠᠭᠠᠨ ᠬᠤᠶᠠᠷ ᠬᠤᠸᠠᠷ ᠲᠠᠢ ᠭᠠᠷ ᠠᠯᠴᠢᠭᠤᠷ ᠲᠠᠭᠠᠨ ᠪᠠᠭᠯᠠᠵᠤ ᠬᠠᠳᠠᠭᠠᠯᠠᠳᠠᠭ ᠪᠠ ᠠᠶᠢᠯ | ᠪᠦᠯᠢ ᠶᠢᠨ ᠠᠮᠢᠲᠤᠷᠠᠯ ᠣᠨᠳᠣᠷᠣᠯᠭ᠎ᠠ ᠳᠠᠭᠠᠨ ᠨᠠᠷᠢᠨ ᠬᠢᠨᠠᠮᠠᠭᠠᠢ ᠲᠦᠰᠦᠪ ᠲᠣᠭᠠᠴᠠᠭ᠎ᠠ ᠬᠢᠵᠦ ᠡᠳᠦᠷ ᠲᠤᠲᠤᠮ ᠤᠨ ᠵᠠᠷᠤᠳᠠᠯ ᠪᠠᠷᠢᠳᠠᠯ ᠳᠠᠭᠠᠨ ᠠᠷᠪᠢᠴᠢ ᠭᠠᠮᠳᠠᠢ | ᠬᠡᠷᠡᠭᠯᠡᠳᠡᠭ᠃ ᠪᠤᠳᠤᠪᠠᠯ ᠲᠡᠷᠡᠬᠦ ᠭᠠᠷ ᠮᠡᠬᠦᠰ ᠭᠠᠨᠵᠤᠭ᠎ᠠ ᠬᠤᠭᠤᠰ ᠤᠨ ᠵᠢᠯ ᠤᠳ ᠭᠡᠵᠦ ᠬᠦᠮᠦᠰ ᠤᠨ ᠪᠤᠳᠣᠯ ᠰᠠᠳᠬᠢᠯ ᠳᠤ ᠦᠯᠡᠳᠡᠭᠡᠵᠦ ᠬᠤᠴᠤᠷᠭᠠᠭᠰᠠᠨ | ᠮᠦᠷᠦᠭᠡᠳᠦᠯ ᠲᠤᠷᠠᠰᠣᠮᠵᠢ ᠪᠠᠷ ᠢᠶᠠᠨ ᠨᠢᠭᠡ ᠶᠡᠭᠡ ᠣᠴᠢᠷᠯᠠᠭᠳᠠᠳᠠᠭ᠃ ᠲᠡᠷᠡ ᠲᠤᠮᠳᠠ ᠬᠦᠳᠡᠭᠡ ᠶᠢᠨ ᠬᠦᠮᠦᠰ ᠬᠡᠮᠡᠵᠦ ᠦᠪᠡᠷ ᠤᠨ ᠬᠢ ᠬᠦᠳᠡᠭᠡ | ᠤᠬᠠᠭᠠᠨ ᠢᠶᠠᠷ ᠢᠶᠠᠨ ᠬᠥᠷ ᠪᠠᠶᠠᠰᠬᠤᠯᠠᠩ ᠠᠮᠢᠲᠤᠷᠠᠳᠠᠭ ᠪᠠᠶᠢᠭᠰᠠᠨ ᠨᠢ ᠮᠠᠰᠢ ᠪᠠᠭ᠋ᠠᠷᠤᠯᠳᠠᠢ ᠰᠠᠶᠢᠬᠠᠨ ᠰᠠᠨᠠᠭᠳᠠᠭᠤᠯᠣᠨᠠ᠃ ᠶᠠᠭᠤ ᠪᠤᠳᠤᠳᠠᠭ ᠢ ᠪᠤᠤ ᠮᠡᠳᠡ᠂ ᠡᠵᠢ | ᠮᠢᠨᠢ ᠬᠡᠵᠢᠶᠡᠳᠡ ᠦᠪᠡᠷᠲᠡᠭᠡᠨ ᠤ ᠬᠤᠭᠤᠯᠠ ᠴᠠᠢ ᠪᠠᠨ ᠨᠢᠭᠡᠯᠡ ᠬᠠᠰᠢ ᠶᠠᠰᠢ ᠡᠪᠯᠡᠭᠦᠯᠦᠭᠡᠳ ᠪᠤᠯᠭᠠᠴᠢᠬᠠᠳᠠᠭ ᠪᠠᠶᠢᠭᠠᠳ ᠡᠪᠦᠭᠡ ᠳᠤ ᠭᠡᠪᠡᠯ ᠵᠠᠪᠠᠯ ᠦᠪᠡᠷ ᠠᠰ | ᠲᠤᠨᠢ ᠠᠮᠳᠠᠳᠠᠢ ᠨᠠᠷᠢᠯᠢᠭ ᠬᠤᠭᠤᠯᠠ ᠤᠮᠳᠠ ᠪᠠᠵᠠᠭᠠᠵᠤ ᠢᠳᠡᠭᠦᠯᠳᠡᠭ ᠪᠠᠶᠢᠯ᠎ᠠ᠃ ᠡᠪᠦᠭᠡ ᠮᠢᠨᠢ ︿︿ᠢᠳᠡᠭᠡᠳ ᠲᠠᠰᠣᠭᠰᠠᠨ ᠬᠤᠲᠤᠭᠤᠲᠤ᠂ ᠡᠩ ᠪᠤᠷᠤᠭᠵᠢᠭᠤᠨ ᠨᠢ | ᠲᠡᠭᠡᠷ᠎ᠡ﹀﹀ ᠭᠡᠳ ᠤᠯᠠᠩᠬᠢ ᠳᠠᠭᠠᠨ ᠣᠨᠴᠠᠭᠠᠢ ᠬᠤᠭᠤᠯᠠ ᠪᠠᠵᠠᠭᠠᠬᠤ ᠶᠢ ᠬᠤᠷᠢᠭᠯᠠᠳᠠᠭ ᠪᠣᠯᠪᠠᠴᠤ ᠡᠵᠢ ᠮᠢᠨᠢ ︿︿ᠨᠠᠰᠤᠳᠠᠢ ᠬᠦᠮᠦᠨ ᠪᠠᠭ᠎ᠠ ᠰᠢᠮ᠎ᠡ ᠲᠠᠢ ᠢᠳᠡᠬᠦ | ᠤᠴᠢᠷ ᠲᠠᠢ ᠰᠢᠲᠡ᠃ ᠲᠠ ᠮᠠᠨᠢ ᠡᠷᠡᠭᠦᠯ ᠲᠡᠩᠬᠡᠯᠡᠭᠦᠨ ᠪᠠᠶᠢᠪᠠᠯ ᠲᠡᠷᠡ ᠴᠢᠨᠢ ᠳᠠᠷᠤᠢ ᠮᠠᠨᠤᠰ ᠤᠨ ᠵᠣᠯ ᠵᠢᠷᠭᠠᠯ ᠪᠢᠰᠢᠦ᠂᠂᠂᠂﹀﹀ ᠭᠡᠭᠰᠡᠭᠡᠷ ᠦᠪᠡᠷᠲᠡᠭᠡᠨ | ᠪᠤᠳᠣᠯ ᠢᠶᠠᠨ ᠠᠯᠳᠠᠯ ᠦᠭᠡᠢ ᠪᠠᠷᠢᠮᠳᠠᠯᠠᠭᠰᠠᠭᠠᠷ ᠡᠳᠦᠷ ᠪᠦᠷᠢ ᠰᠢᠨ᠎ᠡ ᠴᠠᠢ ᠴᠢᠨᠠᠵᠤ ᠰᠢᠮᠡᠳᠡᠢ ᠬᠤᠭᠤᠯᠠ ᠬᠢᠵᠦ ᠥᠭᠭᠦᠨ᠎ᠡ᠃ ᠵᠠᠷᠢᠮ ᠦᠶᠡᠰ ᠡᠪᠦᠭᠡ ᠮᠠᠨᠢ ᠲᠠᠪᠤᠨ | ᠨᠠᠰᠣᠳᠠᠢ ᠣᠳᠬᠤᠨ ᠬᠡᠦᠬᠡᠨ ᠲᠡᠭᠦᠦ ᠶᠢ ᠲᠠᠯ᠎ᠠ ᠳᠠᠭᠠᠨ ᠠᠪᠴᠤ ᠰᠠᠭᠤᠯᠭᠠᠭᠠᠳ ᠨᠢᠭᠡ ᠪᠤᠭᠤᠷᠣᠯ ᠨᠢᠭᠡ ᠨᠢᠯᠬᠠᠰ ᠬᠤᠶᠠᠭᠤᠯᠠ ᠰᠢᠷᠡᠭᠡ ᠬᠠᠪᠴᠢᠨ ᠦᠭᠡ ᠵᠤᠭᠤᠭ | ᠨᠡᠶᠢᠯᠡᠵᠦ ᠦᠷᠦᠭᠡ ᠭᠡᠷ ᠢᠶᠠᠨ ᠡᠷᠭᠦᠵᠦ ᠠᠪᠤᠮᠠᠷ ᠨᠠᠷᠭᠢᠯᠳᠤᠨ ᠬᠥᠭᠡᠷᠴᠦ ᠭᠠᠷᠳᠠᠭ᠃ |