ᠨᠢᠭᠡᠨ ᠬᠠᠪᠤᠷ ᠤᠨ ᠬᠠᠷ᠎ᠠ ᠲᠤᠭᠤᠰᠤ ᠲᠡᠭᠳᠡᠭᠰᠡᠨ ᠡᠳᠦᠷ ᠪᠠᠶᠢᠵᠤ ᠪᠢᠯᠡ᠃ ᠲᠠᠯ᠎ᠠ ᠨᠤᠳᠤᠭ ᠤᠨ ᠮᠠᠯ ᠰᠦᠷᠦᠭ ᠤᠨ ᠲᠠᠶᠢᠰᠤᠨ — ᠬᠦᠭᠡ ᠴᠢᠨ᠋ᠸ᠎ᠠ | ᠬᠦᠳᠡᠭᠡ ᠭᠠᠳᠠᠭ᠎ᠠ ᠬᠡᠳᠦ ᠬᠡᠳᠦᠭᠦᠯᠡ ᠪᠠᠨ ᠰᠦᠷᠦᠭᠯᠡᠨ ᠱᠤᠩᠰᠢᠵᠤ ᠶᠠᠳᠠᠷ ᠲᠤᠷᠤᠢ ᠮᠠᠯ ᠤᠨᠤᠭ᠎ᠠ ᠶᠢ ᠲᠠᠭᠠᠷᠢᠨ ᠬᠦᠨᠦᠭᠡᠯ ᠲᠠᠷᠢᠵᠤ᠂ ᠦᠯ ᠬᠤᠭᠤᠯᠠ ᠪᠠᠨ | ᠲᠠᠷᠤᠵᠤ ᠶᠠᠪᠤᠭᠰᠠᠭᠠᠷ ᠬᠦᠷᠡᠩ ᠵᠡᠭᠡᠷᠳᠡ ᠠᠵᠢᠷᠭ᠎ᠠ ᠶᠢᠨ ᠰᠦᠷᠦᠭ ᠠᠴᠠ ᠬᠦᠭᠰᠢᠨ ᠭᠡᠭᠦᠤ ᠶᠢᠨ ᠬᠤᠩᠭᠤᠨ ᠤ ᠮᠢᠬ᠎ᠠ ᠶᠢ ᠨᠢᠭᠡ ᠠᠮᠠ ᠡᠮᠬᠦᠵᠦ ᠲᠠᠰᠤᠳᠠᠭᠠᠳ | ᠠᠷᠠᠢ ᠯᠡ ᠠᠮᠢ ᠶᠢ ᠨᠢ ᠠᠪᠤᠭᠰᠠᠨ ᠦᠭᠡᠢ᠂ ᠡᠨᠡᠬᠦ ᠬᠠᠷᠠᠰᠠᠯᠲᠤ ᠪᠠᠶᠢᠳᠠᠯ ᠢ ᠦᠵᠡᠮᠡᠭᠴᠡ ᠬᠦᠷᠡᠩ ᠵᠡᠭᠡᠷᠳᠡ ᠠᠵᠢᠷᠭ᠎ᠠ ᠲᠡᠯ ᠰᠡᠭᠦᠯ ᠪᠠᠭᠠᠳᠠᠭᠯᠠᠨ ᠲᠦᠷᠪᠡᠨ | ᠲᠤᠭᠤᠷᠠᠢ ᠴᠠᠪᠴᠢᠯᠠᠵᠤ᠂ ᠠᠳᠤᠭᠤᠨ ᠰᠦᠷᠦᠭ ᠤᠨ ᠬᠤᠶᠢᠭᠤᠷ ᠤᠷᠳᠤᠭᠤᠷ ᠱᠤᠩᠰᠢᠨ ᠬᠦᠶᠦᠭᠡ ᠬᠤᠶᠠᠷ ᠬᠦᠬᠡ ᠴᠢᠨᠸ᠎ᠠ ᠶᠢᠨ ᠠᠮᠠ ᠶᠢ ᠨᠢ ᠲᠤᠰᠤᠨ ᠰᠢᠷᠦᠭᠦᠨ | ᠲᠠᠭᠠᠷᠢᠯᠲᠠ ᠬᠢᠵᠦ᠂ ᠬᠦᠭᠡᠭᠡᠵᠦ ᠶᠠᠪᠤᠭᠤᠯᠤᠭᠠᠳ᠂ ᠰᠦᠷᠦᠭ ᠢᠶᠠᠨ ᠵᠠᠶᠢᠯᠠᠭᠤᠯᠵᠤ ᠨᠠᠮᠤᠭᠳᠤ ᠶᠢᠨ ᠲᠠᠯ᠎ᠠ ᠳᠤ ᠰᠢᠯᠵᠢᠭᠦᠯᠦᠨ ᠠᠪᠠᠴᠢᠯ᠎ᠠ᠃ ᠡᠨᠡ ᠦᠶᠡᠰ ᠰᠦᠷᠦᠭ | ᠢᠶᠠᠨ ᠡᠷᠭᠢᠯᠳᠦᠨ ᠬᠤᠮᠢᠵᠤ ᠶᠠᠪᠤᠭ᠎ᠠ ᠬᠤᠯᠠᠨ ᠰᠢᠷᠭ᠎ᠠ ᠶᠠᠮᠠᠷ ᠨᠢᠭᠡᠨ ᠲᠠᠯᠳᠠ ᠶᠢᠨ ᠲᠤᠬᠢᠶ᠎ᠠ ᠰᠡᠷᠡᠮᠵᠢ ᠤᠯᠤᠭᠰᠠᠨ ᠰᠢᠭ᠋ ᠦᠪᠡᠷ ᠤᠨ ᠰᠦᠷᠦᠭ ᠢᠶᠠᠨ ᠠᠮᠤᠷ | ᠲᠦᠪᠰᠢᠨ ᠡᠯᠡᠰᠦᠳᠡᠢ ᠱᠠᠩᠳᠠ ᠶᠢᠨ ᠲᠡᠷᠭᠡᠳᠡ ᠬᠦᠷᠭᠡᠮᠡᠭᠴᠡ ᠪᠠᠨ᠄ ︽ᠲᠠ ᠨᠠᠷ ᠠᠳᠡ ᠪᠠᠨ ᠲᠤᠭᠲᠠᠭᠤᠨ ᠢᠳᠡᠰᠢᠯᠡᠵᠦ ᠪᠠᠶᠢᠭᠠᠷᠠᠢ︕ ᠪᠢ ᠮᠦᠳᠳᠦ ᠡᠷᠭᠢᠭᠡᠳ | ᠢᠷᠡᠨ᠎ᠡ︕ ︾ ᠭᠡᠵᠤ ᠲᠤᠬᠢᠶ᠎ᠠ ᠦᠭᠭᠦᠭᠰᠡᠨ ᠮᠡᠳᠦ ᠪᠤᠯᠤᠭᠠᠳ᠂ ᠬᠠᠷᠪᠤᠭᠰᠠᠨ ᠰᠤᠮᠤ ᠰᠢᠬ ᠬᠦᠷᠡᠩ ᠵᠡᠭᠡᠷᠳᠡ ᠶᠢ ᠦᠭᠡᠶᠢᠯᠡᠨ ᠢᠨᠴᠠᠭᠠᠵᠤ ᠲᠤᠭᠤᠰᠤ ᠲᠠᠲᠠᠭᠤᠯᠤᠨ | ᠲᠠᠪᠬᠢᠵᠤ ᠤᠳᠪᠠ᠃ | ᠡᠬᠡ ᠪᠠᠶᠢᠭᠠᠯᠢ ᠶᠢᠨ ᠠᠩ ᠠᠮᠢᠳᠠᠨ ᠴᠦ ᠬᠠᠷᠢᠯᠴᠠᠨ ᠠᠶᠤᠯ ᠲᠠᠢ ᠦᠶᠡᠰ ᠬᠠᠮᠵᠢᠯᠴᠠᠵᠤ ᠲᠤᠰᠠᠯᠠᠯᠴᠠᠳᠠᠭ ᠤᠴᠢᠷ ᠲᠠᠢ ᠶᠤᠮ ᠪᠠᠶᠢᠨ᠎ᠠ᠃ ᠬᠤᠯᠠᠨ ᠰᠢᠷᠭ᠎ᠠ | ᠭᠠᠵᠠᠷ ᠬᠠᠳᠬᠤᠯᠠᠨ ᠲᠤᠩᠭᠤᠷᠴᠤᠭᠯᠠᠨ ᠬᠠᠷᠠᠶᠢᠯᠠᠵᠤ᠂ ᠬᠦᠷᠡᠩ ᠵᠡᠭᠡᠷᠳᠡ ᠶᠢᠨ ᠲᠡᠷᠭᠡᠳᠡ ᠢᠷᠡᠮᠡᠭᠴᠡ ᠰᠠᠨᠠᠮᠰᠠᠷ ᠦᠭᠡᠢ ᠭᠤᠯᠭᠤᠷᠢᠨ ᠮᠢᠷᠢᠶᠠᠵᠤ ᠪᠠᠶᠢᠭᠰᠠᠨ ᠨᠢᠭᠡ | ᠬᠦᠬᠡ ᠴᠢᠨ᠋ᠸ᠎ᠠ ᠶᠢᠨ ᠭᠠᠪᠠᠯᠠ ᠤᠷᠤᠭᠤ ᠭᠠᠭᠴᠠ ᠲᠡᠶᠢᠷᠦᠭᠰᠡᠨ ᠳᠤ ᠲᠡᠷᠡᠬᠦ ᠨᠢᠭᠦᠯ ᠤᠨ ᠬᠦᠬᠡ ᠴᠢᠨ᠋ᠸ᠎ᠠ ᠭᠠᠵᠠᠷ ᠬᠠᠳᠬᠤᠵᠤ ᠭᠠᠳᠠᠵᠤ ᠤᠨᠠᠭᠠᠳ ᠦᠬᠦᠭᠰᠡᠨ ᠪᠠᠶᠢᠯ᠎ᠠ᠃ | ᠡᠨᠡ ᠦᠶ᠎ᠡ ᠳᠤ ᠬᠦᠷᠡᠩ ᠵᠡᠭᠡᠷᠳᠡ ᠶᠢᠨ ᠲᠦᠷᠪᠡᠨ ᠲᠤᠭᠤᠷᠠᠢ ᠨᠢ ᠲᠤᠭᠳᠠᠵᠤ ᠶᠠᠳᠠᠨ ᠴᠡᠴᠡᠷᠬᠢᠯᠡᠵᠦ ᠯᠠ ᠪᠠᠶᠢᠯ᠎ᠠ᠃ ᠬᠤᠯᠠᠨ ᠰᠢᠷᠭ᠎ᠠ ᠠᠵᠢᠷᠭ᠎ᠠ ᠨᠦᠭᠦᠭᠡ ᠨᠢᠭᠡ | ᠬᠦᠬᠡ ᠴᠢᠨ᠋ᠸ᠎ᠠ ᠲᠠᠢ ᠠᠰ ᠲᠤᠯᠤᠨ ᠠᠪᠤᠨ ᠬᠠᠷᠢᠭᠤᠴᠠᠵᠤ᠂ ᠬᠤᠯᠤᠰᠤᠨ ᠲᠠᠩ ᠤᠨ ᠲᠤᠮᠳᠠᠭᠤᠷ ᠨᠠᠰᠢ ᠴᠠᠰᠢ ᠴᠠᠪᠴᠢᠯᠬᠢᠯᠠᠨ ᠬᠦᠶᠦᠭᠰᠡᠭᠡᠷ ᠬᠦᠷᠦᠰᠦᠳᠦ ᠭᠠᠵᠠᠷ ᠢ | ᠬᠦᠷᠵᠡ ᠪᠠᠷ ᠬᠦᠷᠪᠡᠭᠦᠯᠵᠦ ᠲᠠᠯᠪᠢᠭᠰᠠᠨ ᠰᠢᠬ ᠪᠤᠯᠭᠠᠵᠤ ᠤᠷᠬᠢᠯ᠎ᠠ᠃ ᠬᠤᠯᠠᠨ ᠰᠢᠷᠭ᠎ᠠ ᠬᠦᠭᠰᠢᠨ ᠬᠦᠬᠡ ᠴᠢᠨ᠋ᠸ᠎ᠠ ᠶᠢᠨ ᠬᠡᠷᠴᠡᠭᠡᠢ ᠲᠠᠭᠠᠷᠢᠯᠲᠠ ᠳᠤ ᠠᠷᠠᠰᠤ ᠮᠢᠬ᠎ᠠ | ᠪᠠᠨ ᠬᠡᠭᠵᠡᠯᠡᠭᠦᠯᠦᠨ ᠬᠡᠳᠦ ᠰᠢᠷᠬᠠᠳᠤᠵᠤ᠂ ᠡᠴᠦᠰ ᠲᠡᠭᠡᠨ ᠬᠦᠭᠰᠢᠨ ᠴᠢᠨ᠋ᠸ᠎ᠠ ᠶᠢ ᠴᠠᠪᠴᠢᠵᠤ ᠠᠯᠠᠭᠠᠳ ᠰᠠᠶ᠋ᠢ ᠰᠠᠨᠠᠭ᠎ᠠ ᠨᠢ ᠠᠮᠠᠷᠠᠵᠤ ᠬᠦᠷᠡᠩ ᠵᠡᠭᠡᠷᠳᠡ ᠶᠢᠨ ᠢᠶᠠᠨ | ᠲᠡᠷᠭᠡᠳᠡ ᠢᠷᠡᠵᠦ ᠪᠡᠶ᠎ᠡ ᠪᠡᠶ᠎ᠡ ᠪᠠᠨ ᠨᠠᠯᠠᠨ ᠵᠤᠭᠰᠤᠵᠤ᠂ ᠤᠷᠳᠤ ᠤᠷᠳᠤ ᠠᠮᠢᠰᠬᠤᠯᠯᠠᠨ ᠭᠡᠬᠦᠯᠵᠡᠵᠦ ᠪᠠᠶᠢᠯ᠎ᠠ ᠁ |