ᠬᠤᠯᠠᠨ ᠰᠢᠷᠭ᠎ᠠ ︵ᠭᠤᠷᠪᠠ︶
ᠨᠡᠶᠢᠲᠡᠯᠡᠭᠰᠡᠨ ᠴᠠᠭ᠄
2024/12/9
     ᠡᠨᠡ ᠨᠤᠳᠤᠭ ᠤᠰᠤᠨ ᠳᠠᠭᠠᠨ ᠨᠡᠷ᠎ᠡ ᠲᠦᠷᠦ ᠲᠠᠢ ᠵᠠᠯᠰᠠᠨ᠂ ᠪᠠᠯᠳᠠᠨ ᠭᠡᠳᠡᠭ ᠬᠤᠶᠠᠷ ᠪᠠᠶᠠᠨ ᠪᠠᠶᠢᠵᠠᠢ᠂ ᠲᠡᠳᠡ ᠬᠤᠶᠠᠭᠤᠯᠠ ᠬᠡᠨ ᠠᠯᠢᠨ ᠳᠤ ᠪᠠᠨ ᠠᠪᠳᠠᠬᠤ ᠦᠭᠡᠢ ᠪᠠᠶᠠᠨ ᠴᠢᠨᠡᠭᠡᠯᠢᠭ ᠠᠮᠢᠳᠤᠷᠠᠯ ᠲᠠᠢ ᠪᠦᠭᠡᠳ ᠠᠳᠤᠭᠤᠨ ᠰᠦᠷᠦᠭ ᠢ ᠬᠤᠳᠤᠭᠤᠷ ᠢᠶᠠᠷ ᠬᠡᠮᠵᠢᠳᠡᠭ ᠪᠠᠶᠢᠭᠰᠠᠨ ᠭᠡᠨ᠎ᠡ᠃ ᠵᠠᠯᠰᠠᠨ ᠪᠠᠶᠠᠨ ᠤ ᠠᠳᠤᠭᠤᠨ ᠰᠦᠷᠦᠭ ᠲᠤ ᠬᠤᠯᠠᠨ ᠰᠢᠷᠭ᠎ᠠ ᠠᠵᠢᠷᠭ᠎ᠠ ᠲᠠᠢ᠂ ᠪᠠᠯᠳᠠᠨ ᠪᠠᠶᠠᠨ ᠤ ᠠᠳᠤᠭᠤᠨ ᠰᠦᠷᠦᠭ ᠲᠤ ᠬᠦᠷᠡᠩ ᠵᠡᠭᠡᠷᠳᠡ ᠠᠵᠢᠷᠭ᠎ᠠ ᠲᠠᠢ ᠪᠠᠶᠢᠭᠰᠠᠨ ᠪᠦᠭᠡᠳ ᠡᠷᠭᠢᠨ ᠲᠤᠭᠤᠷᠢᠨ ᠬᠡᠳᠦᠨ ᠠᠷᠪᠠᠨ ᠭᠠᠵᠠᠷ ᠤᠨ ᠦᠩ ᠰᠢᠮᠡᠯᠢᠭ ᠡᠪᠡᠰᠦ ᠪᠡᠯᠴᠢᠭᠡᠷ ᠢ ᠵᠦᠪᠬᠡᠨ ᠡᠨᠡ ᠬᠤᠶᠠᠷ ᠠᠶᠢᠯ ᠡᠵᠡᠯᠡᠵᠦ ᠪᠠᠶᠢᠭᠰᠠᠨ ᠭᠡᠨ᠎ᠡ᠃        ᠵᠢᠯ ᠪᠦᠷᠢ ᠶᠢᠨ ᠬᠠᠪᠤᠷ ᠤᠨ ᠤᠯᠡᠷᠢᠯ ᠪᠤᠯᠬᠤ ᠲᠠᠢ ᠵᠡᠷᠭᠡ ᠠᠵᠢᠷᠭ᠎ᠠ ᠨᠤᠭᠤᠳ ᠠᠳᠤᠭᠤᠨ ᠰᠦᠷᠦᠭ ᠤᠨ ᠬᠤᠩᠭᠤᠨ ᠳᠠᠭᠠᠨ ᠲᠤᠯᠤᠭᠰᠠᠨ ᠪᠠᠶᠢᠳᠠᠰᠤ ᠪᠠᠨ ︽ᠬᠠᠷᠢ ᠳᠤ ᠮᠤᠷᠳᠠᠭᠤᠯᠤᠨ︾ ᠰᠦᠷᠦᠭ ᠠᠴᠠ ᠪᠠᠨ ᠢᠯᠭᠠᠨ ᠬᠦᠭᠡᠭᠡᠬᠦ ᠳᠤ ᠨᠦᠭᠦᠭᠡ ᠰᠦᠷᠦᠭ ᠤᠨ ︽ᠰᠢᠨ᠎ᠡ ᠬᠦᠷᠭᠡᠨ︾ — ᠠᠵᠢᠷᠭ᠎ᠠ ᠲᠡᠯ ᠰᠡᠭᠦᠯ ᠢᠶᠠᠨ ᠪᠠᠭᠠᠳᠠᠭᠯᠠᠨ ︽ᠰᠢᠨ᠎ᠡ ᠪᠡᠷᠢ︾ ᠪᠠᠨ ᠤᠭᠳᠤᠨ ᠠᠪᠴᠤ ᠰᠦᠷᠦᠭ ᠵᠦᠭ ᠢᠶᠠᠨ ᠬᠤᠮᠢᠨ ᠡᠷᠡᠦ ᠲᠤᠬᠢᠨ ᠭᠤᠬᠢᠯᠵᠠᠬᠤ ᠳᠤ ︽ᠰᠢᠨ᠎ᠡ ᠪᠡᠷᠢ︾ ᠨᠢ ᠰᠠᠨᠠᠭᠠᠨ ᠳᠤ ᠲᠤᠯᠤᠯ᠎ᠠ ᠭᠡᠰᠡᠨ ᠰᠢᠭ ᠠᠶ᠎ᠠ ᠶᠢ ᠨᠢ ᠲᠠᠭᠠᠨ ᠰᠡᠭᠦᠯ ᠭᠤᠳᠤᠭᠤᠨᠠᠭᠤᠯᠤᠨ ᠱᠤᠭᠰᠢᠵᠤ ᠰᠦᠷᠦᠭ ᠲᠤ ᠨᠡᠶᠢᠯᠡᠨ ᠬᠦᠶᠦᠯᠳᠦᠨ᠎ᠡ ᠁        ᠶᠡᠷᠦ ᠶᠢᠨ ᠦᠶᠡᠰ᠂ ᠬᠡᠨ ᠠᠯᠢᠨ ᠳᠤ ᠪᠠᠨ ᠨᠠᠶᠢᠷ ᠲᠠᠯᠪᠢᠬᠤ ᠦᠭᠡᠢ ᠠᠰᠬ᠎ᠠ ᠪᠤᠰᠤᠭ᠎ᠠ ᠪᠠᠷ ᠴᠠᠪᠴᠢᠯᠳᠤᠵᠤ ᠡᠷ᠎ᠡ ᠪᠢᠷ᠎ᠠ ᠪᠠᠨ ᠰᠢᠯᠭᠠᠳᠠᠭ ᠪᠠᠶᠢᠭᠰᠠᠨ ᠬᠤᠯᠠᠨ ᠰᠢᠷᠭ᠎ᠠ ᠪᠠ ᠬᠦᠷᠡᠩ ᠵᠡᠭᠡᠷᠲᠡ ᠬᠤᠶᠠᠷ ᠠᠵᠢᠷᠭ᠎ᠠ ᠶᠢᠨ ᠬᠦᠨᠦᠭᠡᠯᠲᠦ ᠴᠢᠨ᠋ᠸ᠎ᠠ ᠲᠠᠢ ᠲᠡᠮᠡᠴᠡᠯᠳᠦᠭᠰᠡᠨ ᠬᠦᠮᠦᠨ ᠢ ᠰᠤᠴᠢᠭᠠᠮ᠎ᠠ ᠦᠯᠢᠭᠡᠷ ᠨᠢ ᠰᠤᠨᠤᠰᠤᠭᠰᠠᠨ ᠪᠤᠯᠭᠠᠨ ᠤ ᠭᠠᠶᠢᠬᠠᠯ ᠪᠢᠰᠢᠷᠡᠯ ᠢ ᠲᠦᠷᠦᠭᠦᠯᠦᠨ᠎ᠡ᠃ ᠬᠡᠯᠡᠵᠦ ᠶᠠᠷᠢᠵᠤ ᠴᠢᠳᠠᠬᠤ ᠦᠭᠡᠢ ᠠᠳᠤᠭᠤᠰᠤ ᠠᠮᠢᠳᠠᠨ ᠳᠤ ᠪᠠᠰᠠ ᠤᠬᠠᠭᠠᠨ ᠮᠡᠳᠡᠯ ᠲᠡᠭᠦᠰ ᠬᠦᠮᠦᠨ ᠠᠴᠠ ᠲᠤᠣᠷ᠎ᠠ ᠦᠭᠡᠢ ᠰᠡᠳᠬᠢᠯ ᠬᠦᠳᠡᠯᠭᠡᠮ᠎ᠡ ᠦᠯᠢᠭᠡᠷ ᠲᠠᠢ ᠪᠤᠯᠤᠭᠰᠠᠨ ᠢ ᠨᠤᠲᠤᠭ ᠤᠰᠤᠨ ᠤ ᠬᠢᠨ ᠰᠤᠨᠢᠭᠤᠴᠢᠯᠠᠨ᠂ ᠠᠮᠠ ᠲᠠᠮᠵᠢᠨ ᠶᠠᠷᠢᠯᠴᠠᠨ᠎ᠠ᠃
ᠢᠷᠡᠯᠲᠡ᠄ ᠬᠤᠯᠪᠤᠭ᠎ᠠ ᠪᠦᠷᠬᠡ