ᠨᠢᠮ᠎ᠠ ᠡᠪᠦᠭᠡᠨ ᠤ ᠵᠤᠭᠤᠭ ︵ᠭᠤᠷᠪᠠ︶
ᠨᠡᠶᠢᠲᠡᠯᠡᠭᠰᠡᠨ ᠴᠠᠭ᠄
2024/12/9
     3. ᠮᠠᠯ ᠤᠨ  ᠬᠢᠨ ᠲᠠᠭᠤᠤ ᠪᠠᠷ ᠮᠠᠯ ᠢᠶᠠᠨ ᠲᠠᠨᠢᠬᠤ       ᠨᠢᠮ᠎ᠠ ᠡᠪᠦᠭᠡᠨ ᠮᠠᠯ ᠤᠨ  ᠬᠢᠨ ᠲᠠᠭᠤᠤ ᠪᠠᠷ ᠮᠠᠯ ᠢᠶᠠᠨ ᠲᠠᠨᠢᠳᠠᠭ ᠶᠡᠭᠡ ᠬᠠᠰᠢᠷ ᠮᠠᠯᠴᠢᠨ ᠪᠢᠯᠠ᠃ ᠦᠯᠢᠭᠡᠷᠯᠡᠬᠦ ᠳᠤ ᠨᠢᠭᠡ ᠤᠳᠠᠭ᠎ᠠ ᠨᠢᠮ᠎ᠠ ᠡᠪᠦᠭᠡᠨ ᠤ ᠭᠡᠷ  ᠲᠤ ᠪᠢᠳᠠ ᠴᠠᠢ ᠤᠤᠭᠤᠭᠠᠳ ᠰᠠᠭᠤᠵᠤ ᠪᠠᠶᠢᠳᠠᠯ᠎ᠠ ᠬᠤᠳᠠᠨ ᠳᠤ ᠤᠷᠤᠵᠤ ᠢᠷᠡᠭᠰᠡᠨ ᠬᠤᠨᠢᠨ ᠤ ᠮᠠᠶᠢᠯᠠᠬᠤ ᠲᠠᠭᠤᠤ ᠶᠢ ᠴᠢᠩᠨᠡᠭᠡᠳ ᠨᠢᠮ᠎ᠠ ᠡᠪᠦᠭᠡᠨ᠄     — ᠡᠨᠡ ᠮᠠᠶᠢᠯᠠᠵᠤ ᠪᠠᠶᠢᠬᠤ ᠰᠢᠷ᠎ᠠ ᠲᠤᠯᠤᠭᠠᠢ ᠲᠠᠢ ᠵᠤᠰᠠᠭ ᠪᠠᠶᠢᠨ᠎ᠠ᠂ ᠡᠨᠡ ᠮᠠᠶᠢᠯᠠᠵᠤ ᠪᠠᠶᠢᠬᠤ ᠭᠥᠭᠰᠢᠨ ᠪᠤᠷᠤ ᠬᠤᠨᠢ ᠪᠠᠶᠢᠨ᠎ᠠ᠂ ᠡᠨᠡ ᠮᠠᠶᠢᠯᠠᠵᠤ ᠪᠠᠶᠢᠬᠤ ᠥᠩᠭᠡᠷᠡᠭᠰᠡᠨ ᠡᠪᠦᠯ ᠭᠡᠭᠡᠯ ᠬᠠᠶᠠᠭᠰᠠᠨ ᠴᠠᠭᠠᠨ ᠬᠤᠨᠢ ᠪᠠᠶᠢᠨ᠎ᠠ ᠭᠡᠵᠤ ᠨᠢᠭᠡ ᠨᠢᠭᠡ ᠪᠠᠷ ᠥᠵᠡᠭᠰᠡᠨ ᠶᠤᠮ ᠰᠢᠭ ᠭᠡᠯᠡᠭᠦ ᠶᠢ ᠰᠤᠨᠤᠰᠤᠭᠠᠳ᠂ ᠪᠢ ᠶᠡᠭᠡ ᠭᠠᠶᠢᠬᠠᠵᠤ᠄     — ᠡᠪᠦᠭᠡᠨ᠂ ᠲᠠ ᠡᠨᠡ ᠬᠤᠨᠢᠳ ᠢ ᠪᠥᠭᠦᠳᠡ ᠶᠢ ᠨᠢ ᠲᠠᠭᠤᠤ ᠪᠠᠷ ᠨᠢ ᠵᠢᠰᠤᠯᠠᠵᠤ ᠴᠢᠳᠠᠬᠤ ᠤᠤ︖ ᠭᠡᠵᠤ ᠠᠰᠠᠭᠤᠬᠤ ᠳᠤ᠄     — ᠭᠥᠤ ᠮᠢᠨᠢ᠂ ᠬᠠᠰᠢᠷ ᠮᠠᠯᠴᠢᠳ ᠪᠥᠷ ᠮᠠᠯ ᠤᠨ  ᠬᠢᠨ ᠮᠠᠶᠢᠯᠠᠬᠤ ᠲᠠᠭᠤᠤ ᠪᠠᠷ ᠮᠠᠯ ᠢᠶᠠᠨ ᠲᠠᠨᠢᠳᠠᠭ ᠶᠤᠮ᠃ ᠡᠨᠡ ᠨᠢ ᠬᠠᠰᠢᠷ ᠤᠩᠰᠢᠬᠴᠢᠳ ᠵᠤᠭᠢᠶᠠᠯᠴᠢ ᠭᠥᠮᠤᠨ ᠤ ᠵᠤᠭᠢᠶᠠᠯ ᠪᠢᠴᠢᠭᠦ ᠭᠡᠪ ᠮᠠᠶ᠋ᠢᠭ ᠢᠶᠠᠷ ᠨᠢ ᠶᠠᠮᠠᠷ ᠵᠤᠭᠢᠶᠠᠯᠴᠢ ᠪᠢᠴᠢᠭᠰᠡᠨ ᠢ ᠲᠠᠭᠠᠮᠠᠭᠯᠠᠵᠤ ᠮᠡᠳᠡᠭᠦ ᠲᠠᠢ ᠠᠳᠠᠯᠢᠬᠠᠨ ᠶᠤᠮ᠃ ᠮᠠᠯᠴᠢᠨ ᠭᠡᠳᠡᠭ ᠴᠢᠨᠢ ᠭᠠᠭᠴᠠ ᠮᠠᠯ ᠤᠨ ᠬᠤᠱᠭᠢᠨᠠᠭ ︵ᠪᠥᠭᠰᠡ︶ ᠲᠠᠭᠠᠭᠠᠳ ᠶᠠᠪᠤᠭᠠᠳ ᠪᠠᠶᠢᠳᠠᠭ ᠪᠢᠰᠢ᠂ ᠬᠠᠷᠢᠨ ᠲᠠᠭᠤᠤ᠂ ᠵᠢᠰᠤ᠂ ᠭᠠᠵᠠᠷ ᠪᠡᠯᠴᠢᠭᠡᠷ᠂ ᠴᠠᠭ ᠠᠭᠤᠷ ᠵᠡᠷᠭᠡ ᠶᠢ ᠰᠠᠶᠢᠨ ᠮᠡᠳᠡᠬᠦ ᠬᠠᠰᠢᠷ ᠮᠠᠯᠴᠢᠨ ᠪᠤᠯᠳᠠᠭ ᠶᠤᠮ᠃ ᠤᠩᠰᠢᠬᠴᠢ ᠴᠤ ᠠᠳᠠᠯᠢᠬᠠᠨ ᠤᠯᠠᠨ ᠲᠠᠯ᠎ᠠ ᠶᠢᠨ ᠮᠡᠳᠡᠯᠭᠡ ᠪᠤᠯᠪᠠᠰᠤᠷᠠᠯ ᠲᠠᠢ ᠪᠤᠯᠪᠠᠯ ᠰᠠᠶ᠋ᠢ ᠬᠠᠰᠢᠷ ᠤᠩᠰᠢᠬᠴᠢ ᠪᠤᠯᠤᠨ᠎ᠠ ᠪᠢᠵᠠ︾ ᠭᠡᠵᠤ ᠭᠡᠯᠡᠭᠰᠡᠨ ᠨᠢ ᠶᠠᠮᠠᠷ ᠴᠤ ᠠᠵᠢᠯ ᠳᠤ ᠠᠪᠢᠶᠠᠰ ᠱᠠᠭᠠᠷᠳᠠᠬᠤ ᠥᠭᠡᠢ ᠭᠡᠰᠡᠨ ᠴᠤ ᠪᠤᠯᠪᠠᠰᠤᠷᠠᠯ᠂ ᠴᠠᠭ ᠬᠤᠭᠤᠴᠠᠭ᠎ᠠ ᠱᠠᠭᠠᠷᠳᠠᠭᠳᠠᠭ ᠢ ᠭᠡᠯᠡᠭᠡᠳ ᠪᠠᠶᠢᠬᠤ ᠶᠤᠮ ᠭᠡᠵᠤ ᠬᠠᠰᠢᠷ ᠮᠠᠯᠴᠢᠨ ᠨᠢᠮ᠎ᠠ ᠡᠪᠦᠭᠡᠨ ᠤ ᠥᠭᠡ ᠠᠴᠠ ᠪᠤᠳᠤᠵᠤ ᠪᠢᠯᠠ᠃                                        2019 ᠤᠨ ᠤ ᠶᠢᠰᠤᠨ ᠰᠠᠷ᠎ᠠ
ᠢᠷᠡᠯᠲᠡ᠄ ᠬᠤᠯᠪᠤᠭ᠎ᠠ ᠪᠦᠷᠬᠡ