ᠨᠢᠮ᠎ᠠ ᠡᠪᠦᠭᠡᠨ ᠤ ᠵᠤᠭᠤᠭ ︵ᠬᠤᠶᠠᠷ︶
ᠨᠡᠶᠢᠲᠡᠯᠡᠭᠰᠡᠨ ᠴᠠᠭ᠄
2024/12/9
      2. ᠰᠥᠷᠦᠭ ᠤᠨ ᠲᠠᠭᠠᠭᠤᠯᠤᠭᠴᠢ ᠰᠡᠷᠭᠡ        ᠬᠤᠨᠢᠨ ᠰᠥᠷᠦᠭ ᠲᠤ ᠮᠠᠨᠢ ᠰᠥᠷᠦᠭ ᠤᠨ ᠠᠬᠠᠯᠠᠭᠴᠢ ᠭᠡᠵᠤ ᠨᠢᠭᠡ ᠰᠡᠷᠭᠡ ᠪᠠᠶᠢᠳᠠᠭ ᠨᠢ ᠥᠷᠭᠦᠯᠵᠢ ᠰᠥᠷᠦᠭ ᠤᠨ ᠲᠥᠷᠦᠭᠦᠨ ᠳᠤ ᠶᠠᠪᠤᠳᠠᠭ ᠨᠢ ᠴᠢᠮᠡᠭ ᠪᠤᠯᠵᠤ ᠪᠠᠶᠢᠳᠠᠭ᠃ ᠪᠤᠰᠤᠳ ᠰᠡᠷᠭᠡ ᠶᠢ ᠬᠤᠳᠠᠯᠳᠤᠳᠠᠭ ᠴᠤ ᠡᠨᠡ ᠰᠡᠷᠭᠡ ᠶᠢ ᠥᠯᠡᠳᠡᠭᠡᠳᠡᠭ ᠨᠢ ᠡᠪᠤᠯ ᠬᠠᠪᠤᠷ ᠤᠨ ᠴᠠᠰᠤ ᠲᠠᠢ ᠰᠢᠭᠤᠷᠭᠠᠨ ᠳᠤ ᠬᠤᠨᠢᠨ ᠰᠥᠷᠦᠭ ᠢ ᠲᠠᠭᠠᠭᠤᠯᠵᠤ ᠬᠤᠳᠠᠨ ᠳᠠᠭᠠᠨ ᠢᠷᠡᠳᠡᠭ ᠪᠠᠶᠢᠭ᠎ᠠ ᠶᠤᠮ᠃ ᠲᠡᠭᠡᠭᠡᠳ ᠨᠢᠭᠡ ᠡᠳᠤᠷ ᠨᠢᠮ᠎ᠠ ᠡᠪᠦᠭᠡᠨ ᠲᠠᠢ ᠡᠨᠡ ᠲᠤᠬᠠᠢ ᠵᠤᠭᠤᠭ ᠪᠤᠯᠵᠤ ᠰᠠᠭᠤᠬᠤ ᠳᠤ᠄     — ᠨᠢᠭᠡ ᠬᠤᠨᠢᠨ ᠰᠥᠷᠦᠭ ᠲᠤ ᠨᠢᠭᠡ ᠡᠶᠢᠮᠤ ᠰᠡᠷᠭᠡ ᠪᠠᠶᠢᠪᠠᠯ ᠡᠪᠦᠯ ᠬᠠᠪᠤᠷ ᠤᠨ ᠴᠠᠰᠤ ᠲᠠᠢ ᠰᠢᠭᠤᠷᠭᠠᠨ ᠳᠤ ᠨᠢᠭᠡ ᠬᠤᠨᠢᠨ ᠰᠥᠷᠦᠭ ᠢᠶᠠᠨ ᠲᠠᠭᠠᠭᠤᠯᠵᠤ ᠵᠥᠭ ᠴᠢᠭ ᠢᠶᠠᠨ ᠠᠯᠳᠠᠯ ᠥᠭᠡᠢ ᠬᠤᠳᠠᠨ ᠲᠠᠭᠠᠨ ᠪᠤᠴᠠᠳᠠᠭ ᠶᠤᠮ᠃ ᠨᠢᠭᠡ ᠤᠯᠤᠰ ᠥᠨᠳᠤᠰᠤᠳᠠᠨ ᠳᠤ ᠴᠤ ᠭᠡᠰᠡᠨ ᠶᠠᠭ ︿ᠴᠠᠰᠤ ᠲᠠᠢ ᠪᠤᠷᠤᠭᠠᠨ  ᠲᠠᠢ﹀ ᠴᠠᠭ  ᠲᠤ ᠵᠥᠭ ᠴᠢᠭ ᠢ ᠨᠢ ᠵᠢᠭᠠᠵᠤ ᠥᠭᠳᠡᠭ᠂ ᠡᠶᠢᠮᠤ ᠨᠢᠭᠡᠨ ᠰᠡᠷᠭᠡ ᠮᠡᠳᠤ ᠲᠠᠭᠠᠭᠤᠯᠤᠭᠴᠢ ᠪᠠᠶᠢᠬᠤ ᠭᠡᠷᠡᠭᠳᠡᠢ ᠭᠡᠵᠤ ᠪᠢ ᠪᠤᠳᠤᠳᠠᠭ᠂ ᠭᠡᠷᠪᠡ ᠡᠨᠡ ᠰᠡᠷᠭᠡ ᠴᠠᠰᠤ  ᠲᠠᠢ ᠪᠤᠷᠤᠭᠠᠨ ᠲᠠᠢ ᠴᠠᠭ ᠲᠤ ᠵᠥᠭ ᠴᠢᠭ ᠢᠶᠠᠨ ᠠᠯᠳᠠᠪᠠᠯ ᠬᠤᠳᠠ ᠲᠠᠢ ᠬᠤᠨᠢᠨ ᠥᠭᠡᠢ ᠪᠤᠯᠳᠠᠭ ᠲᠠᠢ ᠠᠳᠠᠯᠢᠬᠠᠨ ᠭᠡᠷᠪᠡ ᠨᠢᠭᠡ ᠤᠯᠤᠰ ᠥᠨᠳᠤᠰᠤᠳᠠᠨ ᠢ ᠲᠠᠭᠠᠭᠤᠯᠤᠭᠴᠢ ᠰᠡᠭᠡᠭᠡᠳᠡᠳ ᠵᠥᠭ ᠴᠢᠭ ᠢᠶᠠᠨ ᠠᠯᠳᠠᠪᠠᠯ ᠨᠢᠭᠡ ᠤᠯᠤᠰ ᠥᠨᠳᠤᠰᠤᠳᠠᠨ ᠲᠤᠷᠤᠶᠢᠳᠠᠬᠤ ᠲᠠᠢ ᠶᠤᠮ᠂ ᠲᠡᠶᠢᠮᠤ ᠠᠴᠠ ᠰᠡᠷᠭᠡ ᠲᠠᠷᠠ ᠨᠢᠭᠡ ᠰᠥᠷᠦᠭ ᠬᠤᠨᠢ ᠶᠢ ᠠᠮᠢᠳᠤ ᠮᠡᠨᠳᠤ ᠬᠤᠳᠠᠨ ᠳᠠᠭᠠᠨ ᠠᠪᠴᠢᠷᠠᠵᠤ ᠢᠷᠡᠭᠦ ᠡᠷᠭᠢᠮ ᠬᠠᠷᠢᠭᠤᠴᠠᠯᠭ᠎ᠠ ᠲᠠᠢ ᠪᠠᠶᠢᠳᠠᠭ ᠤᠨ ᠠᠳᠠᠯᠢᠬᠠᠨ ᠰᠡᠭᠡᠭᠡᠳᠡᠳ ᠤᠨ ᠬᠠᠷᠢᠭᠤᠴᠠᠯᠭ᠎ᠠ ᠭᠡᠵᠤ ᠡᠷᠭᠢᠮ ᠲᠡᠭᠡᠳᠤ ᠶᠤᠮ︾ ᠭᠡᠮᠡᠨ ᠭᠡᠯᠡᠵᠤ ᠪᠢᠯᠠ᠃  
ᠢᠷᠡᠯᠲᠡ᠄ ᠬᠤᠯᠪᠤᠭ᠎ᠠ ᠪᠦᠷᠬᠡ