︽ᠪᠤᠭᠤᠷᠤᠯ ᠠᠴᠠ ᠥᠭᠡ ᠰᠤᠨᠤᠰ᠂ ᠪᠤᠯᠤᠭᠰᠠᠨ ᠠᠴᠠ ᠠᠮᠠ ᠭᠥᠷᠦᠭᠳᠤᠨ︾ ᠭᠡᠰᠡᠨ ᠰᠤᠷᠭᠠᠯ ᠪᠤᠢ᠃ ᠥᠭᠡ ᠶᠢᠨ ᠬᠠᠳᠠᠭᠤ ᠶᠢ ᠭᠡᠯᠡᠵᠤ᠂ ᠤᠶᠢᠯᠠ ᠶᠢᠨ | ᠬᠠᠯᠠ ᠲᠠᠢ ᠶᠢ ᠭᠢᠵᠤ ᠢᠷᠡᠭᠰᠡᠨ ᠨᠢᠮ᠎ᠠ ᠡᠪᠦᠭᠡᠨ ᠠᠴᠠ ᠤᠬᠠᠭᠠᠨ ᠪᠤᠳᠤᠯ ᠳᠤ ᠬᠤᠨᠤᠭᠰᠢᠭᠰᠠᠨ ᠰᠠᠶᠢᠬᠠᠨ ᠵᠥᠢᠯᠡᠰ ᠢ ᠰᠤᠨᠤᠰᠴᠤ ᠲᠡᠮᠳᠡᠭᠯᠡᠵᠤ ᠶᠠᠪᠤᠬᠤ ᠨᠢᠭᠡ | ᠶᠤᠰᠤᠨ ᠤ ᠵᠢᠷᠭᠠᠯ ᠪᠠᠶᠢᠭᠰᠠᠨ ᠶᠤᠮ᠃ ᠠᠮᠠᠨ ᠤ ᠠᠶ᠎ᠠ ᠪᠠᠷ ᠭᠡᠯᠡᠭᠰᠡᠨ ᠥᠭᠡ ᠪᠤᠯᠭᠠᠨ ᠨᠢ ᠠᠯᠠᠭ ᠬᠤᠷᠸ᠎ᠠ ᠶᠢᠨ ᠶᠤᠰᠤ ᠶᠢ ᠮᠡᠳᠡᠭᠦᠯᠭᠦ ᠰᠢᠳᠢ ᠲᠠᠢ ᠪᠠᠶᠢᠭᠰᠠᠨ ᠢ | ᠰᠠᠨᠠᠵᠤ ᠰᠠᠭᠤᠨ᠎ᠠ᠃ ᠮᠤᠩᠭᠤᠯᠴᠤᠳ ᠥᠯᠢᠭᠡᠷᠯᠡᠨ ᠰᠤᠷᠭᠠᠬᠤ ᠶᠢ ᠶᠡᠭᠡᠳᠡ ᠡᠷᠬᠢᠮᠯᠡᠳᠡᠭ ᠪᠠᠶᠢᠭᠰᠠᠨ᠂ ᠤᠳᠤ ᠡᠨᠡ ᠤᠯᠠᠮᠵᠢᠯᠠᠯ ᠠᠯᠳᠠᠭᠳᠠᠭᠰᠠᠨ ᠮᠡᠳᠤ᠃ ᠶᠠᠭᠤᠳᠠᠢ | ᠬᠠᠶᠢᠷᠠᠨ︕ | | | 1. ᠠᠮᠢᠳᠤ ᠶᠠᠭᠤᠮ᠎ᠠ ᠪᠥᠭᠦᠨ ᠭᠡᠷᠡᠯ ᠭᠡᠭᠡ᠂ ᠰᠠᠶᠢᠨ ᠰᠠᠶᠢᠬᠠᠨ ᠢ ᠮᠥᠷᠦᠭᠡᠳᠳᠡᠭ | | ᠲᠠᠷᠠ ᠥᠶ᠎ᠠ ᠳᠤ ᠪᠢᠳᠠ ᠲᠤᠰᠤᠨ ᠳ᠋ᠧᠩ ︵ᠮᠢᠨᠤ ᠪᠠᠭ᠎ᠠ ᠳᠤ ᠮᠠᠨ ᠤ ᠨᠤᠳᠤᠭ ᠲᠤ ᠺᠠᠷᠠᠰᠤᠨ ᠱᠠᠮ ᠭᠡᠵᠤ ᠭᠡᠯᠡᠵᠤ ᠪᠠᠶᠢᠪᠠ︶ ᠤᠨ ᠭᠡᠷᠡᠯ ᠳᠤ ᠤᠷᠤᠢ ᠶᠢᠨ | ᠠᠮᠢᠳᠤᠷᠠᠯ ᠢᠶᠠᠨ ᠥᠷᠭᠦᠯᠵᠢᠯᠡᠳᠡᠭ ᠪᠠᠶᠢᠯ᠎ᠠ᠃ ᠵᠤᠨ ᠤ ᠥᠳᠡᠰᠢ ᠪᠥᠷᠢ ᠲᠤᠰᠤᠨ ᠳ᠋ᠧᠩ ᠤᠨ ᠭᠡᠷᠡᠯ ᠳᠤ ᠨᠢᠮ᠎ᠠ ᠡᠪᠦᠭᠡᠨ ᠠᠴᠠ ᠥᠯᠢᠭᠡᠷ ᠲᠤᠭᠤᠵᠢ ᠰᠤᠨᠤᠰᠴᠤ | ᠰᠠᠭᠤᠬᠤ ᠨᠢ ᠲᠠᠳᠬᠠᠯ ᠴᠤ ᠭᠡᠮᠡᠷ ᠥᠶ᠎ᠠ ᠪᠠᠶᠢᠯ᠎ᠠ᠃ ᠲᠡᠭᠡᠭᠦ ᠳᠤ ᠲᠤᠰᠤᠨ ᠳ᠋ᠧᠩ ᠤᠨ ᠭᠡᠷᠡᠯ ᠳᠤ ᠤᠯᠠᠨ ᠪᠠᠲᠠᠭᠠᠨ᠎ᠠ ᠡᠷᠭᠢᠯᠳᠤᠵᠤ᠂ ᠥᠷᠯᠦᠭᠡ ᠪᠤᠰᠬᠤ ᠳᠤ | ᠲᠤᠰᠤᠨ ᠳ᠋ᠧᠩ ᠤᠨ ᠬᠠᠵᠠᠭᠤ ᠪᠠᠷ ᠪᠠᠲᠠᠭᠠᠨ᠎ᠠ ᠶᠢᠨ ᠤᠯᠠᠨ ᠴᠤ ︽ᠥᠭᠦᠳᠡᠯ︾ ᠤᠪᠤᠭᠠᠯᠠᠭᠳᠠᠳᠠᠭ ᠪᠠᠶᠢᠯ᠎ᠠ᠃ ᠲᠡᠭᠡᠭᠦ ᠳᠤ ᠨᠢᠮ᠎ᠠ ᠡᠪᠦᠭᠡᠨ᠄ | — ᠭᠥᠪᠡᠭᠦᠳ ᠮᠢᠨᠢ᠂ ᠡᠨᠡ ᠭᠡᠷᠡᠯ ᠳᠤ ᠡᠷᠭᠢᠯᠳᠤᠵᠤ ᠪᠠᠶᠢᠬᠤ ᠪᠠᠲᠠᠭᠠᠨ᠎ᠠ ᠶᠢ ᠥᠵᠡᠵᠤ ᠪᠠᠶᠢᠨ᠎ᠠ ᠤᠤ︖ ᠪᠠᠲᠠᠭᠠᠨ᠎ᠠ ᠭᠥᠷᠳᠡᠯ᠎ᠡ ᠭᠡᠷᠡᠯ ᠭᠡᠭᠡ ᠶᠢ | ᠮᠥᠷᠦᠭᠡᠳᠴᠤ ᠪᠤᠢ᠃ ᠰᠠᠶᠢᠨ ᠰᠠᠶᠢᠬᠠᠨ᠂ ᠭᠡᠷᠡᠯ ᠭᠡᠭᠡ ᠶᠢ ᠠᠮᠢᠳᠤ ᠶᠠᠭᠤᠮ᠎ᠠ ᠪᠥᠭᠦᠨ ᠮᠥᠷᠦᠭᠡᠳᠳᠡᠭ᠃ ᠲᠠ ᠨᠠᠷ ᠴᠤ ᠤᠷᠤᠢ ᠪᠥᠷᠢ ᠮᠢᠨᠤ ᠭᠡᠯᠡᠭᠦ ᠥᠯᠢᠭᠡᠷ ᠤᠨ | ᠭᠡᠭᠡᠨ ᠭᠡᠷᠡᠯ ᠲᠤᠤᠷ᠎ᠠ ᠴᠤᠭᠯᠠᠷᠠᠵᠤ ᠪᠠᠶᠢᠨ᠎ᠠ᠃ ᠭᠡᠯᠡᠭᠰᠡᠨ ᠥᠭᠡ᠂ ᠭᠢᠭᠰᠡᠨ ᠥᠢᠯᠡ ᠴᠢᠨᠢ ᠭᠡᠷᠡᠯ ᠭᠡᠭᠡ ᠲᠠᠢ ᠪᠤᠯ ᠭᠡᠨ ᠴᠤ ᠴᠢᠮ᠎ᠠ ᠲᠡᠭᠡᠷ᠎ᠡ ᠢᠷᠡᠵᠤ ᠴᠤᠭᠯᠠᠷᠠᠨ᠎ᠠ᠃ | ᠰᠡᠳᠭᠢᠯ ᠤᠨ ᠭᠡᠷᠡᠯ ᠭᠡᠭᠡ ᠭᠡᠵᠤ ᠰᠠᠶᠢᠬᠠᠨ ᠶᠠᠭᠤᠮ᠎ᠠ ᠪᠤᠢ᠃ ᠠᠮᠢᠳᠤ ᠶᠠᠭᠤᠮ᠎ᠠ ᠪᠥᠭᠦᠨ ᠭᠡᠷᠡᠯ ᠭᠡᠭᠡ᠂ ᠰᠠᠶᠢᠨ ᠰᠠᠶᠢᠬᠠᠨ ᠢ ᠮᠥᠷᠦᠭᠡᠳᠳᠡᠭ︾ ᠭᠡᠮᠡᠨ ᠭᠡᠯᠡᠭᠰᠡᠨ | ᠨᠢ ᠤᠬᠳᠤ ᠰᠠᠨᠠᠭᠠᠨ ᠠᠴᠠ ᠭᠠᠷᠳᠠᠭ ᠥᠭᠡᠢ ᠶᠤᠮ᠃ ᠢᠩᠭᠢᠵᠤ ᠡᠨᠡ ᠡᠪᠦᠭᠡᠨ ᠰᠡᠳᠭᠢᠯ ᠳᠤ ᠪᠠᠨ ᠭᠡᠷᠡᠯ ᠭᠡᠭᠡ ᠲᠡᠭᠡᠭᠡᠵᠤ᠂ ᠲᠠᠷᠠ ᠯᠠ ᠰᠡᠳᠭᠢᠯ ᠠᠴᠠ ᠭᠠᠷᠤᠭᠰᠠᠨ | ᠥᠯᠢᠭᠡᠷ ᠤᠨ ᠭᠡᠷᠡᠯ ᠳᠤ ᠨᠢ ᠪᠢᠳᠠᠨ ᠤ ᠪᠠᠭ᠎ᠠ ᠨᠠᠰᠤ ᠢᠪᠡᠭᠡᠭᠳᠡᠵᠤ ᠥᠰᠴᠤ ᠪᠢᠯᠠ᠃ |