ᠡᠬᠡᠯ ᠪᠤᠷᠤ ᠬᠦᠳᠡᠭᠡ ᠶᠢᠨ ᠬᠦᠮᠤᠰ ︵ᠶᠢᠰᠦ︶
ᠨᠡᠶᠢᠲᠡᠯᠡᠭᠰᠡᠨ ᠴᠠᠭ᠄
2024/12/9
     ᠰᠠᠮᠲᠠᠨ ᠡᠪᠤᠬᠡᠨ ᠤ ᠰᠠᠴᠡᠨ ᠰᠠᠶᠢᠬᠠᠨ ᠦᠬᠡ ᠨᠢ ᠨᠠᠳᠠ ᠢ ᠶᠡᠭᠡ ᠤᠷᠠᠮᠰᠢᠭᠤᠯᠳᠠᠭ ᠶᠤᠮ᠃ ᠲᠡᠷᠠ ᠦᠩᠬᠡᠷᠡᠭᠰᠠᠨ ᠤ ᠪᠠᠭ᠎ᠠ ᠶᠢᠨ ᠦᠶ᠎ᠠ ᠶᠢᠨ ᠠᠮᠢᠳᠤᠷᠠᠯ  ᠢᠶᠠᠨ᠄ ︽ᠬᠦᠳᠤᠰᠤᠨ ᠳᠠᠪᠠᠯ ᠲᠠᠢ᠂ ᠬᠦᠴᠠ ᠶᠢᠨ ᠪᠤᠳᠠᠭ᠎ᠠ ᠲᠠᠢ᠂ ᠤᠤᠭᠤᠳᠠᠭ ᠨᠢ ᠬᠠᠷ᠎ᠠ ᠴᠠᠢ᠂ ᠤᠠᠳᠠᠲᠠᠭ ᠨᠢ ᠳ᠋ᠤᠭ ᠳ᠋ᠠᠭ᠂ ᠨᠠᠷᠠ ᠭᠠᠷᠬᠤ ᠠᠴᠠ ᠨᠠᠷᠠ ᠤᠨᠠᠬᠤ ᠬᠦᠷᠲᠠᠯ᠎ᠠ᠂ ᠳᠦᠭᠦᠷᠡᠩ ᠤᠯᠠᠭᠠᠨ ᠲᠦᠷᠤ ᠶᠢᠨ ᠲᠦᠯᠤᠬᠡ ᠵᠢᠳᠬᠦᠳᠡᠭ ᠪᠠᠶᠢᠭᠰᠠᠨ︾ ᠬᠡᠵᠤ ᠵᠦᠢᠷᠠᠯᠬᠦ ᠳᠤ ᠰᠢᠨ᠎ᠠ ᠴᠠᠭ ᠡᠷᠠᠨ ᠢ᠄ ︽ᠲᠠᠪᠤᠨ ᠬᠤᠰᠢᠭᠤ ᠮᠠᠯ ᠲᠠᠢ᠂ ᠲᠠᠩᠰᠤᠭ ᠪᠠᠶᠠᠨ ᠠᠮᠢᠳᠤᠷᠠᠯ ᠲᠠᠢ᠂ ᠲᠤᠷᠭᠠᠨ ᠳᠤᠲᠤᠷ᠎ᠠ ᠤᠷᠤᠭᠳᠠᠵᠤ ᠂ ᠲᠤᠰᠤᠨ ᠦᠬᠡᠬᠦᠨ ᠳᠤ ᠱᠠᠩᠳᠠᠭᠤᠷᠠᠵᠤ᠂ ᠤᠤᠭᠤᠭᠰᠠᠨ ᠤ ᠦᠳᠬᠡᠨ ᠰᠢᠷᠭᠠᠯ ᠴᠠᠢ᠂ ᠤᠠᠲᠠᠲᠠᠭ ᠨᠢ ᠦᠷᠬᠡᠢ ᠴᠠᠭᠠᠨ ᠬᠡᠷ᠂ ᠮᠤᠲ᠋ᠤᠷ ᠢᠶᠠᠷ ᠬᠤᠨᠢ ᠬᠠᠷᠢᠭᠤᠯᠵᠤ᠂ ᠮᠠᠰᠢᠨ ᠢᠶᠠᠷ ᠬᠦᠯ ᠵᠠᠯᠭᠠᠳᠠᠭ ᠰᠠᠶᠢᠬᠠᠨ ᠴᠠᠭ ᠢᠷᠡᠵᠠᠢ︾ ᠬᠡᠵᠤ ᠵᠦᠢᠷᠯᠡᠨ ᠬᠡᠯᠡᠳᠡᠭ ᠪᠢᠯᠠ᠃        ᠰᠠᠮᠲᠠᠨ ᠡᠪᠤᠬᠡᠨ ᠨᠢᠬᠡ ᠡᠳᠤᠷ ᠬᠤᠰᠢᠶ᠎ᠠ ᠠᠶᠢᠯ ᠤᠨ ᠬᠦᠪᠠᠬᠦᠨ ᠤ ᠬᠤᠷᠢᠮ ᠳᠤ ᠠᠬᠠᠯᠠᠭᠴᠢ ᠪᠤᠯᠵᠤ ᠤᠳᠤᠭᠰᠠᠨ ᠬᠡᠨ᠎ᠠ᠃ ᠲᠡᠷᠠ ᠡᠳᠤᠷ ᠬᠤᠷ᠎ᠠ ᠪᠤᠷᠤᠭᠠᠨ ᠤᠷᠤᠵᠤ᠂ ᠬᠤᠷᠢᠮ ᠬᠦᠷᠬᠦ ᠴᠠᠭ ᠠᠴᠠ ᠪᠠᠨ ᠬᠤᠵᠢᠮᠳᠠᠵᠠᠢ᠃ ᠬᠦᠪᠠᠬᠦᠨ ᠤ ᠲᠠᠯ᠎ᠠ ᠶᠢᠨ ᠬᠦᠮᠤᠰ ᠤᠳᠤ ᠦᠬᠢᠨ ᠤ ᠲᠠᠯ᠎ᠠ ᠪᠢᠳᠠᠨ ᠢ ᠭᠠᠳᠠᠨ᠎ᠠ ᠵᠤᠭᠰᠤᠭᠠᠵᠤ ᠲᠤᠷᠭᠤᠳᠠᠭ ᠪᠤᠯᠤᠯ᠎ᠠ ᠬᠡᠳ ᠪᠦᠷ ᠠᠶᠤᠵᠤ ᠪᠠᠶᠢᠭᠰᠠᠨ ᠳᠤ᠂ ᠰᠠᠮᠲᠠᠨ ᠡᠪᠤᠬᠡᠨ ᠨᠠᠳᠠ ᠠᠷᠭ᠎ᠠ ᠪᠠᠶᠢᠨ᠎ᠠ ᠬᠡᠵᠤ ᠰᠢᠭᠤᠳ ᠬᠤᠷᠢᠮ ᠤᠨ ᠠᠶᠢᠯ ᠳᠤ ᠤᠷᠤᠵᠤ᠄ ︽ᠠᠵᠠ ᠶᠢᠨ ᠰᠠᠶᠢᠬᠠᠨ ᠢᠷᠤᠬᠡᠯ ᠲᠠᠢ᠂ ᠠᠴᠢᠷ ᠤᠨ ᠰᠠᠶᠢᠬᠠᠨ ᠬᠡᠰᠢᠭ ᠲᠠᠢ᠂ ᠠᠯᠠᠭ ᠦᠬᠡᠢ ᠰᠡᠳᠬᠢᠯ ᠢᠶᠠᠷ᠂ ᠠᠷᠤ ᠨᠤᠲᠤᠭ ᠠᠴᠠ ᠮᠤᠷᠳᠠᠬᠤ ᠳᠤ᠂ ᠬᠠᠭᠠᠯᠭ᠎ᠠ ᠵᠠᠮ ᠬᠠᠯᠲᠤᠷᠬᠠᠢ ᠪᠤᠯᠪᠠ᠂ ᠬᠠᠲᠠᠭᠤ ᠪᠤᠷᠤᠭᠠᠨ ᠲᠤᠰᠤᠯᠲᠠ ᠪᠤᠯᠪᠠ᠂ ᠬᠠᠷ᠎ᠠ ᠰᠠᠸᠠ ᠨᠢ ᠪᠤᠷᠤᠭᠤ ᠲᠠᠢ ᠪᠤᠯᠪᠠ᠂ ᠬᠠᠶᠢᠷᠠᠲᠠᠢ ᠬᠤᠳᠠ ᠨᠠᠷ ᠠᠭᠤᠴᠢᠯᠠᠬᠤ ᠪᠤᠯᠪᠠᠤ︖︾ ᠬᠡᠵᠤ ᠮᠦᠷᠬᠦᠭᠰᠠᠨ ᠳᠤ ᠦᠬᠢᠨ ᠤ ᠲᠠᠯ᠎ᠠ ᠠᠷᠭ᠎ᠠ ᠦᠬᠡᠢ ᠲᠤᠷᠭᠤᠬᠤ ᠪᠠᠨ ᠵᠤᠭᠰᠤᠭᠠᠵᠤ ᠶᠤᠰᠤ ᠶᠠᠪᠤᠳᠠᠯ ᠢ ᠨᠢ ᠬᠢᠯᠬᠡᠭᠰᠠᠨ ᠪᠠᠶᠢᠨ᠎ᠠ᠃ ᠰᠠᠮᠲᠠᠨ ᠡᠪᠤᠬᠡᠨ ᠬᠡᠳᠤᠶᠢᠪᠡᠷ ᠪᠠᠭ᠎ᠠ ᠰᠤᠷᠭᠠᠭᠤᠯᠢ ᠶᠢᠨ ᠭᠤᠷᠪᠠᠳᠤᠭᠠᠷ ᠤᠨ ᠤᠩᠰᠢᠭᠰᠠᠨ ᠮᠡᠳᠡᠯᠬᠡ ᠲᠠᠢ ᠪᠤᠯᠪᠠᠴᠤ ᠲᠠᠬᠦᠨ ᠤ ᠬᠤᠷᠴᠠ ᠰᠡᠷᠬᠡᠭ ᠤᠬᠠᠭᠠᠨ᠂ ᠬᠢᠷᠠᠬᠠᠢ ᠬᠢᠨᠠᠭᠤᠷ ᠵᠠᠩ  ᠨᠢ ᠲᠠᠬᠦᠨ ᠢ ᠰᠡᠴᠡᠨ ᠰᠠᠶᠢᠬᠠᠨ ᠦᠬᠡ ᠬᠡᠯᠡᠯᠬᠡ ᠲᠠᠢ ᠪᠤᠯᠭᠠᠵᠠᠢ᠃   
ᠢᠷᠡᠯᠲᠡ᠄ ᠬᠤᠯᠪᠤᠭ᠎ᠠ ᠪᠦᠷᠬᠡ