ᠲᠡᠷᠡ ᠦᠶ᠎ᠠ ᠠᠴᠠ ᠠᠪᠤᠭᠠᠳ ᠪᠢ ᠤᠤᠺᠠ ᠡᠵᠢ ᠶᠢ ᠦᠵᠡᠭᠰᠡᠬᠡᠷ ᠯᠠ ᠨᠠᠳᠠ ᠶᠢ ᠴᠡᠷᠢᠭ ᠤᠨ ᠠᠯᠪᠠᠨ ᠳᠤ ᠮᠤᠷᠳᠠᠬᠤ ᠳᠤ ᠪᠠᠷᠠᠭᠤᠨ ᠬᠠᠴᠠᠷ ᠠᠴᠠ ᠮᠢᠨᠢ | ᠦᠨᠦᠰᠴᠦ ᠄ ︽ᠵᠠᠮ ᠴᠢᠨᠢ ᠴᠠᠭᠠᠨ ᠪᠤᠯᠲᠤᠭᠠᠢ᠂ ᠬᠠᠮᠢᠭ᠎ᠠ ᠤᠴᠢᠭᠰᠠᠨ ᠭᠠᠵᠠᠷ ᠲᠠᠭᠠᠨ ᠨᠠᠮ ᠵᠠᠰᠠᠭ ᠤᠨ ᠠᠵᠢᠯ ᠢ ᠰᠠᠶᠢᠬᠠᠨ ᠬᠢᠵᠤ ᠶᠠᠪᠤ᠂ ᠴᠢᠯᠤᠬᠡ ᠵᠠᠪ | ᠭᠠᠷᠤᠭᠰᠠᠭᠠᠷ ᠬᠦᠷᠤᠬᠡᠳ ᠢᠷ᠎ᠠ︾ ᠬᠡᠵᠤ ᠠᠬᠢᠨ ᠳᠠᠬᠢᠨ ᠵᠠᠬᠢᠵᠤ ᠪᠠᠶᠢᠭᠰᠠᠨ ᠪᠤᠭᠤᠷᠤᠯ ᠡᠵᠢ ᠪᠠᠨ ᠦᠵᠡᠭᠰᠡᠨ ᠰᠢᠭ ᠲᠦᠷᠤᠭ᠍ᠳᠠᠯ ᠦᠭᠬᠦᠳᠡᠭ ᠪᠠᠶᠢᠭᠰᠠᠨ᠃ ᠪᠢ | ᠡᠨᠠ ᠰᠤᠮᠤᠨ ᠳᠤ ᠨᠠᠢᠮᠠᠨ ᠵᠢᠯ ᠠᠵᠢᠯᠯᠠᠵᠤ᠂ ᠠᠵᠢᠯ ᠰᠢᠯᠵᠢᠬᠦ ᠬᠦᠷᠲᠠᠯ᠎ᠠ ᠶᠠᠷᠤ ᠤᠤᠺᠠ ᠡᠵᠢ ᠶᠢ ᠴᠢᠯᠦᠭᠡ ᠵᠠᠪ ᠭᠠᠷᠤᠭᠰᠠᠭᠠᠷ ᠤᠴᠢᠵᠤ ᠦᠵᠡᠳᠡᠭ ᠪᠠᠶᠢᠭᠰᠠᠨ | ᠪᠦᠬᠡᠳ ᠲᠠᠬᠦᠨ ᠤ ᠴᠢᠨᠠᠭᠰᠠᠨ ᠰᠢᠷᠭᠠᠯ ᠰᠦ ᠲᠠᠢ ᠴᠠᠢ ᠶᠢ ᠤᠤᠭᠤᠬᠤ ᠳᠤᠷᠠᠲᠠᠢ ᠶᠤᠮᠰᠠᠨ᠃ ᠤᠳᠤ ᠬᠦᠬᠡᠷᠤᠬᠦᠢ ᠪᠤᠭᠤᠷᠤᠯ ᠬᠤᠶᠠᠷ ᠨᠠᠰᠤᠲᠠᠨ ᠮᠢᠨᠢ ᠰᠠᠶᠢᠨ ᠤ | ᠤᠷᠤᠨ ᠳᠤ ᠶᠠᠪᠤᠭᠰᠠᠨ ᠪᠤᠯᠪᠠᠴᠤ ᠲᠡᠳᠡᠨ ᠤ ᠮᠤᠩᠭᠤᠯ ᠵᠠᠩ ᠠᠷᠠᠠᠰᠢᠨ᠂ ᠴᠠᠶᠢᠯᠭᠠᠨ ᠰᠡᠳᠬᠢᠯ᠂ ᠪᠤᠷᠤᠭᠵᠢᠭᠤᠨ ᠠᠵᠢᠯᠰᠠᠭ ᠰᠤᠷᠲᠠᠯ ᠨᠢ ᠨᠠᠳᠠ ᠶᠢ | ᠤᠮᠤᠭᠰᠢᠭᠤᠯᠤᠨ ᠵᠤᠷᠢᠭᠵᠢᠭᠤᠯᠵᠤ ᠪᠠᠶᠢᠳᠠᠭ ᠰᠠᠨ᠃ | ᠲᠡᠷᠡ ᠵᠢᠯ ᠤᠨ ᠵᠤᠨ ᠤ ᠳᠤᠯᠤᠭᠠᠨ ᠰᠠᠷ᠎ᠠ ᠳᠤ ᠮᠠᠨ ᠤ ᠬᠠᠷᠠᠭᠤᠯ ᠤᠨ ᠴᠡᠭ ᠤᠨ ᠳᠡᠬᠡᠳᠤ ᠪᠠᠶ᠎ᠠ ᠶᠢᠨ ᠬᠤᠰᠤᠲᠠᠢ ᠶᠢᠨ ᠭᠤᠤᠯ ᠤᠨ ᠬᠦᠠᠳᠠᠢ ᠶᠢᠨ ᠪᠠᠷᠠᠭᠤᠨ | ᠪᠠᠶ᠎ᠠ ᠶᠢᠨ ᠪᠠᠭ᠎ᠠ ᠰᠠᠯᠠᠭ᠎ᠠ ᠶᠢᠨ ᠠᠮᠠᠨ ᠳᠤ ᠵᠤᠰᠠᠳᠠᠭ ᠰᠠᠮᠲᠠᠨ ᠬᠡᠳᠡᠭ ᠬᠦᠮᠤᠨ ᠲᠠᠢ ᠲᠠᠨᠢᠯᠴᠠᠵᠠᠢ᠃ ᠲᠡᠷᠠ ᠵᠤᠰᠠᠯᠠᠩ ᠳᠠᠭᠠᠨ ᠨᠠᠬᠦᠵᠤ ᠢᠷᠡᠭᠰᠡᠨ ᠤ ᠳᠠᠷᠠᠭ᠎ᠠ | ᠨᠢᠬᠡ ᠡᠳᠤᠷ ᠨᠢᠬᠡ ᠪᠢᠴᠢᠬᠠᠨ ᠰᠠᠭᠤᠯᠭ᠎ᠠ ᠰᠦ᠂ ᠨᠢᠬᠡ ᠬᠦᠬᠦᠤᠷ ᠠᠶᠢᠷᠠᠭ᠂ ᠪᠠᠭ᠋ᠠᠨ ᠬᠤᠷᠤᠰᠤ᠂ ᠡᠬᠡᠵᠠᠬᠡᠢ᠂ ᠪᠢᠰᠢᠯᠠᠭ ᠂ ᠰᠢᠷ᠎ᠠ ᠲᠤᠰᠤ᠂ ᠪᠤᠭᠤᠷᠰᠤᠭ ᠵᠡᠷᠬᠡ | ᠵᠦᠢᠯ ᠢ ᠠᠪᠴᠤ ᠮᠠᠨ ᠤ ᠬᠠᠷᠠᠭᠤᠯ ᠤᠨ ᠴᠡᠭ ᠲᠤ ᠡᠮᠡᠬᠡᠨ᠂ ᠬᠤᠶᠠᠷ ᠬᠡᠤᠬᠡᠳ ᠲᠠᠢ ᠪᠠᠨ ᠠᠶᠢᠯᠴᠢᠯᠠᠵᠤ ᠢᠷᠡᠯ᠎ᠠ᠃ ᠲᠡᠷᠡ ᠮᠡᠨᠳᠤ ᠬᠠᠨᠳᠤ ᠶᠢᠨ ᠳᠠᠷᠠᠭ᠎ᠠ᠄ ︽ᠮᠠᠨ | ᠤ ᠬᠡᠷ ᠲᠠᠨ ᠤ ᠴᠡᠷᠢᠭ ᠤᠨ ᠬᠠᠷᠠᠭᠤᠯ ᠤᠨ ᠴᠡᠭ ᠪᠠᠶᠢᠭᠤᠯᠤᠭᠳᠠᠭᠰᠠᠨ ᠦᠶ᠎ᠠ ᠠᠴᠠ ᠠᠪᠤᠭᠠᠳ ᠬᠤᠰᠢᠶ᠎ᠠ ᠰᠠᠭᠤᠵᠠᠢ᠃ ᠬᠡᠳᠤᠶᠢᠪᠡᠷ ᠴᠡᠷᠢᠭ ᠬᠦᠮᠤᠰ ᠢ ︿ᠲᠠᠮᠤᠷ | ᠪᠤᠯᠤᠳ ᠮᠡᠳᠤ ᠬᠦᠷᠢᠶ᠎ᠠ᠂ ᠤᠰᠤᠨ ᠤ ᠤᠷᠤᠰᠬᠠᠯ ᠮᠡᠲᠤ ᠪᠠᠶᠢᠯᠳᠤᠭᠴᠢ﹀ ᠬᠡᠳᠡᠭ ᠪᠤᠯᠪᠠᠴᠤ ᠪᠢᠳᠠ ᠬᠤᠶᠠᠷ ᠬᠤᠰᠢᠶ᠎ᠠ ᠠᠶᠢᠯ ᠤᠨ ᠨᠦᠬᠦᠷᠠᠯᠠᠯ ᠮᠦᠩᠬᠡ᠂ ᠬᠡᠵᠢᠶ᠎ᠠ | ᠴᠤ ᠤᠰᠤ ᠵᠢᠭᠠᠰᠤ ᠰᠢᠭ᠋ ᠬᠠᠷᠢᠴᠠᠭ᠎ᠠ ᠲᠠᠢ︾ ᠬᠡᠵᠤ ᠶᠠᠷᠢᠵᠤ ᠪᠠᠶᠢᠯ᠎ᠠ᠃ ᠪᠢ ᠲᠡᠳᠡᠨ ᠤ ᠡᠨᠠ ᠬᠦ ᠰᠡᠳᠬᠢᠯ ᠳᠤ ᠪᠠᠶᠠᠷᠯᠠᠨ ᠶᠠᠭᠤ ᠬᠡᠯᠡᠬᠦ ᠪᠠᠨ ᠮᠡᠳᠡᠬᠦ ᠦᠬᠡᠢ | ᠵᠦᠪᠬᠡᠨ᠄ ︽ᠪᠠᠶᠠᠷᠯᠠᠯ᠎ᠠ︕︾ ᠬᠡᠳᠡᠭ ᠭᠠᠭᠴᠠ ᠦᠬᠡ ᠪᠠᠷ ᠲᠡᠳᠡᠨ ᠢ ᠦᠳᠡᠵᠤ ᠶᠠᠪᠤᠭᠤᠯᠤᠭᠰᠠᠨ ᠶᠤᠮ᠃ ᠤᠳᠠᠯ ᠦᠬᠡᠢ ᠲᠡᠳᠡᠨ ᠤ ᠠᠶᠢᠯ ᠪᠤᠯᠤᠨ ᠪᠢᠳᠠᠨ ᠤ | ᠬᠤᠭᠤᠷᠤᠠᠳᠤ ᠠᠭᠠᠵᠢᠮ ᠠᠭᠠᠵᠢᠮ ᠢᠶᠠᠷ ᠨᠢᠬᠡ ᠵᠦᠢᠯ ᠤᠨ ᠵᠦᠢᠷᠡᠯᠬᠦ ᠳᠤ ᠪᠡᠷᠬᠡ ᠬᠠᠶᠢᠷ᠎ᠠ ᠰᠡᠳᠬᠢᠯ ᠪᠤᠢ ᠪᠤᠯᠵᠤ᠂ ᠦᠨᠠᠬᠡᠷ ᠲᠠᠬᠦᠨ ᠤ ᠶᠠᠷᠢᠭᠰᠠᠨ ᠰᠢᠭ᠋ ᠤᠰᠤ | ᠵᠢᠭᠠᠰᠤ ᠰᠢᠭ᠋ ᠨᠢᠭᠲᠠ ᠬᠠᠷᠢᠴᠠᠭ᠎ᠠ ᠲᠠᠢ ᠪᠤᠯᠵᠠᠢ᠃ |