ᠡᠬᠡᠯ ᠪᠤᠷᠤ ᠬᠦᠳᠡᠭᠡ ᠶᠢᠨ ᠬᠦᠮᠤᠰ ︵ᠳᠦᠷᠪᠡ︶
ᠨᠡᠶᠢᠲᠡᠯᠡᠭᠰᠡᠨ ᠴᠠᠭ᠄
2024/12/9
     ᠲᠡᠷᠠ ᠰᠦᠨᠢ ᠪᠢᠳᠠ ᠰᠡᠯᠡᠬᠡᠨ ᠤ ᠬᠠᠷᠠᠭᠤᠯ ᠳᠤ ᠪᠠᠨ ᠭᠠᠷᠴᠤ ᠶᠡᠭᠡ ᠤᠷᠤᠢ ᠤᠠᠲᠠᠭᠰᠠᠨ ᠲᠤᠯᠠ ᠦᠷᠯᠤᠬᠡ ᠪᠤᠰᠬᠤ ᠳᠤ ᠨᠠᠷᠠ ᠠᠷᠭᠠᠮᠵᠢ ᠶᠢᠨ ᠠᠯᠳᠠ ᠳᠡᠭᠳᠡᠵᠤ᠂ ᠬᠡᠷ ᠤᠨ ᠳᠤᠲᠤᠷᠠᠬᠢ ᠪᠦᠭᠴᠢᠮ ᠬᠠᠯᠠᠭᠤᠨ ᠪᠠᠶᠢᠯ᠎ᠠ᠃ ᠪᠢ ᠶᠠᠭᠠᠷᠠᠨ ᠰᠠᠨᠳᠤᠷᠠᠨ ᠪᠤᠰᠴᠤ ᠴᠤᠩᠬᠤ ᠪᠠᠨ ᠰᠡᠬᠡᠬᠡᠵᠤ ᠠᠭᠠᠷ ᠤᠷᠤᠭᠤᠯᠤᠨ᠂ ᠭᠠᠳᠠᠨ᠎ᠠ ᠭᠠᠷᠬᠤ ᠳᠤ ᠰᠠᠯᠪᠤᠷᠢ ᠶᠢᠨ ᠳᠤᠯᠤᠭᠠᠨ ᠮᠤᠷᠢ ᠬᠡᠷ ᠲᠤ ᠬᠤᠯᠠ ᠦᠬᠡᠢ ᠭᠠᠵᠠᠷ ᠪᠡᠯᠴᠢᠵᠤ ᠪᠠᠶᠢᠯ᠎ᠠ᠃ ᠮᠢᠨᠤ ᠪᠠᠶᠠᠷᠯᠠᠭᠰᠠᠨ ᠬᠡᠵᠤ ᠳ᠋ᠠ᠂ ᠠᠶᠠᠠᠳᠠᠭᠠᠨ ᠳᠠᠭᠤᠤ ᠬᠢᠩᠰᠢᠵᠤ ᠪᠠᠶᠢᠭᠰᠠᠨ ᠶᠤᠮ᠃ ᠤᠳᠠᠯ ᠦᠬᠡᠢ ᠪᠠᠰᠠᠭ᠎ᠠ ᠡᠪᠤᠬᠡᠨ ᠬᠦᠷᠡᠩ ᠵᠡᠬᠡᠷᠡᠳᠠ ᠮᠤᠷᠢ ᠲᠠᠢ ᠬᠦᠷᠤᠬᠡᠳ ᠢᠷᠡᠯ᠎ᠠ᠃ ᠲᠡᠷᠡ ᠬᠡᠷ ᠤᠨ ᠡᠮᠤᠨ᠎ᠠ ᠪᠠᠶᠢᠭᠰᠠᠨ ᠬᠠᠭᠤᠴᠢᠨ ᠮᠤᠳᠤᠨ ᠤᠩᠭᠤᠴᠠ ᠳᠤ ᠳᠠᠪᠤᠰᠤ ᠬᠢᠵᠤ ᠮᠤᠷᠢᠳ ᠢ ︽ᠮᠤ᠂ ᠮᠤ᠂ ᠮᠤ︾ ᠬᠡᠵᠤ ᠳᠠᠭᠤᠳᠠᠬᠤ ᠳᠤ ᠲᠡᠳᠡᠨ ᠪᠦᠷ ᠰᠠᠪᠠᠯᠳᠤᠨ ᠢᠷᠡᠵᠤ ᠤᠩᠭᠤᠴᠠ ᠲᠠᠢ ᠳᠠᠪᠤᠰᠤ ᠶᠢ ᠢᠳᠡᠯ᠎ᠡ᠃ ᠲᠡᠬᠡᠬᠡᠳ ᠨᠠᠰᠤᠲᠠᠨ ᠭᠤᠷᠪᠠᠨ ᠮᠤᠷᠢ ᠶᠢ ᠪᠠᠷᠢᠵᠤ ᠪᠢᠳᠡᠨ ᠳᠤ ᠡᠮᠡᠬᠡᠯ ᠲᠤᠬᠤᠵᠤ ᠦᠭᠬᠦᠬᠡᠳ ᠪᠠᠰᠠ ᠶᠠᠭᠠᠬᠢᠵᠤ ᠤᠨᠤᠬᠤ᠂ ᠶᠠᠭᠠᠬᠢᠵᠤ ᠠᠰᠠᠷᠠᠨ ᠲᠡᠵᠢᠬᠡᠬᠦ᠂ ᠬᠢᠴᠢᠶᠠᠬᠦ ᠠᠩᠬᠠᠷᠠᠬᠤ ᠵᠦᠢᠯ ᠢ ᠲᠠᠶᠢᠯᠪᠤᠷᠢᠯᠠᠨ ᠶᠠᠷᠢᠵᠤ ᠦᠭᠬᠦᠬᠡᠳ᠂ ᠦᠬᠡᠷ ᠤᠨ ᠰᠦᠷᠤᠭ᠌ ᠢᠶᠠᠨ ᠦᠵᠡᠨ᠎ᠠ ᠬᠡᠳ ᠶᠠᠪᠤᠯ᠎ᠠ᠃ ᠶᠠᠪᠤᠬᠤ ᠦᠶ᠎ᠠ ᠳᠤ ᠪᠠᠨ ᠡᠵᠢ ᠴᠢᠨᠢ ᠲᠠᠳᠠᠨ ᠭᠤᠷᠪᠠ ᠳᠤ ᠦᠳᠠ ᠶᠢᠨ ᠬᠤᠭᠤᠯᠠ ᠬᠢᠵᠤ ᠪᠠᠶᠢᠨ᠎ᠠ᠃ ᠦᠳᠠ ᠳᠤ ᠬᠡᠷ ᠲᠤ ᠤᠴᠢ ᠬᠡᠵᠤ ᠵᠠᠬᠢᠭᠠᠳ ᠶᠠᠪᠤᠯ᠎ᠠ᠃       ᠪᠠᠰᠠᠭ᠎ᠠ ᠡᠪᠤᠬᠡᠨ ᠤ ᠡᠮᠡᠬᠡᠨ  ᠨᠢ ᠤᠤᠺᠠ ᠬᠡᠳᠡᠭ᠂ ᠵᠢᠷᠠᠨ ᠨᠠᠰᠤ ᠳᠠᠪᠠᠭᠰᠠᠨ ᠴᠤ ᠪᠠᠭ᠎ᠠ ᠶᠢᠨ ᠵᠢᠰᠤ ᠪᠠᠨ ᠶᠠᠷᠤ ᠠᠯᠳᠠᠭᠰᠠᠨ ᠦᠬᠡᠢ᠂ ᠴᠡᠪᠠᠷ ᠴᠡᠮᠴᠡᠬᠡᠷ᠂ ᠮᠠᠩᠨᠠᠢ ᠳᠤ ᠨᠢ ᠬᠡᠳᠤᠨ ᠳᠠᠪᠬᠤᠷ ᠬᠤᠨᠢᠶᠠᠰᠤ ᠤᠷᠤᠭᠰᠠᠨ ᠴᠤ ᠤᠰᠬᠠᠯ ᠬᠠᠷ᠎ᠠ ᠨᠢᠳᠤ ᠨᠢ ᠴᠤᠭ ᠪᠠᠳᠠᠷᠠᠩᠭᠤᠢ᠂ ᠴᠢᠷᠠᠢ ᠳᠦᠬᠦᠷᠡᠩ ᠢᠨᠢᠶᠠᠲᠤ ᠲᠠᠢ ᠶᠠᠪᠤᠵᠤ ᠰᠠᠭᠤᠬᠤ ᠨᠢ ᠬᠦᠩᠬᠡᠯᠢᠭ ᠦᠵᠡᠭᠰᠡᠨ ᠬᠦᠮᠤᠰ ᠲᠤ ᠡᠨᠠ ᠨᠠᠰᠤᠲᠠᠨ ᠪᠠᠭ᠎ᠠ ᠶᠢᠨ ᠦᠶ᠎ᠠ ᠳᠡᠭᠡᠨ ᠳᠡᠭᠵᠢᠨ ᠴᠤᠪᠤᠭ᠎ᠠ ᠬᠦᠮᠤᠨ ᠪᠠᠶᠢᠭᠰᠠᠨ ᠬᠡᠳᠡᠭ ᠢ ᠰᠠᠶᠢᠬᠠᠨ ᠭᠡᠷᠡᠴᠢᠯᠡᠵᠦ ᠪᠠᠶᠢᠯ᠎ᠠ᠃ ᠡᠮᠡᠬᠡᠨ ᠡᠪᠤᠬᠡᠨ ᠬᠤᠶᠠᠷ ᠲᠠᠪᠤᠨ ᠬᠡᠤᠬᠡᠳ ᠲᠠᠢ ᠪᠦᠬᠡᠳ ᠤᠳᠬᠤᠨ ᠦᠬᠢᠨ ᠠᠴᠠ ᠪᠤᠰᠤᠳ ᠨᠢ ᠪᠦᠷ ᠬᠡᠷ ᠮᠠᠯ ᠪᠤᠯᠵᠤ ᠦᠪᠠᠷ ᠦᠪᠠᠷ  ᠤᠨ ᠠᠵᠢᠯ ᠠᠮᠢᠳᠤᠷᠠᠯ ᠢᠶᠠᠨ ᠬᠦᠬᠡᠬᠡᠵᠠᠢ᠃ ᠤᠤᠺᠠ ᠡᠵᠢ ᠦᠬᠡ ᠳᠠᠭᠤ ᠲᠠᠢ᠂ ᠬᠠᠷ᠎ᠠ ᠪᠤᠷᠤ ᠰᠠᠨᠠᠭ᠎ᠠ ᠦᠬᠡᠢ᠂ ᠶᠠᠭᠤ ᠪᠤᠳᠤᠭᠰᠠᠨ ᠢᠶᠠᠨ ᠨᠢᠭᠤᠵᠤ ᠪᠠᠷᠢᠯ ᠦᠬᠡᠢ ᠶᠠᠷᠢᠵᠤ ᠶᠠᠪᠤᠳᠠᠭ ᠴᠠᠭᠠᠨ ᠰᠡᠳᠬᠢᠯ ᠲᠠᠢ ᠨᠠᠰᠤᠲᠠᠨ ᠪᠠᠶᠢᠯ᠎ᠠ᠃ ᠡᠪᠤᠬᠡᠨ ᠦᠬᠡ ᠳᠠᠭᠤ ᠴᠦᠬᠡᠨ ᠲᠠᠢ᠂ ᠬᠡᠷ ᠤᠨ ᠭᠠᠳᠠᠨᠠᠬᠢ ᠠᠵᠢᠯ ᠳᠤ ᠰᠠᠭᠤᠬᠤ ᠵᠠᠪ ᠦᠬᠡᠢ ᠬᠦᠳᠡᠯᠵᠤ ᠪᠠᠶᠢᠳᠠᠭ ᠬᠦᠮᠤᠨ ᠪᠠᠶᠢᠵᠤ᠂ ᠦᠷᠯᠤᠬᠡ ᠶᠢᠨ ᠴᠠᠢ ᠪᠠᠨ ᠤᠤᠭᠤᠮᠠᠭᠴᠠ ᠦᠬᠡᠷ ᠤᠨ ᠰᠦᠷᠤᠭ᠌ ᠳᠡᠭᠡᠨ ᠶᠠᠪᠤᠴᠢᠬᠠᠳᠠᠭ᠃ ᠵᠤᠨ ᠤ ᠰᠠᠭᠠᠯᠢ ᠶᠢᠨ ᠦᠶ᠎ᠠ ᠪᠤᠯᠬᠤᠷ ᠬᠡᠷ ᠤᠨ ᠡᠮᠤᠨᠠᠬᠢ ᠲᠤᠭᠤᠯ ᠤᠨ ᠵᠡᠯ᠎ᠠ ᠳᠡᠬᠡᠷ᠎ᠠ ᠠᠷᠪᠠᠭᠠᠳ ᠲᠤᠭᠤᠯ ᠤᠶᠠᠭᠠᠲᠠᠢ ᠪᠠᠶᠢᠵᠤ ᠬᠠᠶᠠ ᠨᠢᠬᠡ ᠮᠦᠬᠡᠷᠡᠯᠳᠤᠨ᠎ᠠ᠃ ᠡᠪᠠᠰᠤᠨ ᠤ ᠰᠤᠷᠭᠤᠭ ᠲᠤ ᠤᠳᠴᠤ ᠴᠠᠳᠲᠠᠯ᠎ᠠ ᠪᠠᠨ ᠢᠳᠡᠭᠰᠠᠨ ᠦᠬᠡᠷ ᠤᠳ ᠤᠷᠤᠢ ᠪᠤᠯᠤᠭᠰᠠᠭᠠᠷ ᠦᠷ᠎ᠠ ᠪᠠᠨ ᠬᠡᠨᠡᠳᠲᠠ ᠰᠠᠨᠠᠬᠤ ᠪᠠᠷ ᠬᠡᠷ ᠵᠦᠭ ᠢᠶᠠᠨ ᠱᠤᠭᠰᠢᠯᠳᠤᠨ᠎ᠠ᠃ ᠤᠷᠤᠢ᠂ ᠦᠷᠯᠤᠬᠡ ᠬᠤᠶᠠᠷ ᠡᠵᠢ ᠦᠬᠢᠨ ᠬᠤᠶᠠᠷ ᠦᠬᠡᠷ ᠰᠠᠭᠠᠬᠤ ᠠᠵᠢᠯ ᠳᠠᠭᠠᠨ ᠶᠠᠭᠠᠷᠴᠠᠭᠠᠨ᠎ᠠ᠃ ᠰᠦ ᠪᠠᠨ ᠬᠦᠬᠡᠷᠤᠬᠦᠯᠵᠤ ᠴᠠᠭᠠᠨ ᠢᠳᠡᠭᠡ ᠬᠢᠨ᠎ᠠ᠂ ᠡᠳᠤᠷ ᠦᠠᠵᠢᠵᠤ ᠠᠶᠢᠷᠠᠭ ᠤᠨ ᠠᠷᠬᠠᠳ ᠢᠶᠠᠨ ᠪᠦᠯᠢᠵᠤ ᠠᠷᠢᠬᠢ ᠨᠡᠷᠡᠨ᠎ᠠ᠃ ᠪᠠᠰᠠᠭ᠎ᠠ ᠡᠪᠤᠬᠡᠨ ᠬᠠᠯᠠᠭᠤᠨ ᠠᠷᠢᠬᠢ ᠬᠠᠶᠠ ᠨᠢᠬᠡ ᠤᠤᠭᠤᠵᠤ ᠬᠠᠯᠠᠵᠤ ᠠᠪᠤᠪᠠᠯ ︽ᠴᠠᠬᠠᠷ ᠨᠠᠢᠮᠠᠨ ᠬᠤᠰᠢᠭᠤ︾ ᠶᠢ ᠤᠶᠠᠷᠠᠯᠲᠠᠬᠠᠨ ᠳᠠᠭᠤᠯᠠᠨ᠎ᠠ᠃ ᠡᠪᠤᠬᠡᠨ ᠤ ᠬᠤᠭᠤᠯᠠᠢ ᠨᠢ ᠰᠠᠶᠢᠬᠠᠨ᠂ ᠰᠤᠨᠤᠰᠤᠭᠰᠠᠨ ᠪᠦᠬᠦᠳᠠ ᠢ ᠤᠶᠠᠷᠠᠯᠮᠠᠷ ᠳᠠᠭᠤᠯᠠᠨ᠎ᠠ᠃ ᠪᠢ ᠡᠪᠤᠬᠡᠨ ᠢ᠄ ︽ᠦᠨᠡᠬᠡᠷ ᠰᠠᠶᠢᠬᠠᠨ ᠳᠠᠭᠤᠯᠠᠵᠤ ᠪᠠᠶᠢᠨ᠎ᠠ᠃ ᠨᠠᠰᠤ ᠪᠠᠭ᠎ᠠ ᠪᠤᠯᠤᠭᠰᠠᠨ ᠪᠤᠯᠪᠠᠯ ᠤᠷᠠᠨ ᠰᠠᠶᠢᠬᠠᠨ ᠤ ᠳᠠᠭᠤᠴᠢᠨ ᠪᠤᠯᠬᠤ ᠳᠤ ᠶᠠᠮᠠᠷᠴᠤ ᠠᠰᠠᠭᠤᠳᠠᠯ ᠦᠬᠡᠢ︾ ᠬᠡᠬᠦ  ᠳᠤ ᠲᠡᠷᠠ᠄ ︽ᠮᠠᠨ ᠤ ᠤᠳᠤᠮ ᠳᠦᠷᠪᠠᠨ ᠦᠶ᠎ᠠ ᠳᠤ ᠪᠠᠨ ᠨᠤᠲᠤᠭ ᠲᠠᠭᠠᠨ ᠨᠡᠷᠡᠲᠠᠢ ᠳᠠᠭᠤᠴᠢᠨ ᠬᠦᠮᠤᠰ ᠪᠠᠶᠢᠭᠰᠠᠨ︾ ᠬᠡᠵᠤ ᠬᠠᠭᠤᠴᠢᠯᠠᠳᠠᠭ ᠪᠢᠯᠠ᠃   
ᠢᠷᠡᠯᠲᠡ᠄ ᠬᠤᠯᠪᠤᠭ᠎ᠠ ᠪᠦᠷᠬᠡ