ᠡᠬᠡᠯ ᠪᠤᠷᠤ ᠬᠦᠳᠡᠭᠡ ᠶᠢᠨ ᠬᠦᠮᠤᠰ ︵ᠭᠤᠷᠪᠠ︶
ᠨᠡᠶᠢᠲᠡᠯᠡᠭᠰᠡᠨ ᠴᠠᠭ᠄
2024/12/9
       ᠮᠢᠨᠤ ᠬᠢᠯᠢ ᠶᠢᠨ ᠴᠡᠷᠢᠭ ᠤᠨ ᠠᠮᠢᠳᠤᠷᠠᠯ ᠢᠩᠬᠢᠬᠡᠳ ᠡᠬᠢᠯᠠᠯ᠎ᠠ᠃ ᠡᠨᠠ ᠬᠦ ᠬᠢᠯᠢ ᠶᠢᠨ ᠴᠡᠭ ᠤᠨ ᠦᠢᠷᠠᠯᠴᠠᠭ᠎ᠠ ᠬᠦᠮᠤᠨ ᠬᠠᠷ᠎ᠠ ᠴᠦᠬᠡᠨ᠂ ᠬᠤᠯᠠ ᠶᠢᠨ ᠬᠤᠯᠠ ᠳᠤ ᠬᠠᠶᠠ ᠨᠢᠬᠡ ᠮᠤᠩᠭᠤᠯ ᠬᠡᠷ ᠦᠵᠡᠭᠳᠡᠨ ᠰᠤᠷᠤᠭᠤᠯ ᠠᠴᠠ ᠨᠢ ᠠᠷᠭᠠᠯ ᠤᠨ ᠴᠡᠩᠬᠡᠷ ᠤᠲᠤᠭ᠎ᠠ ᠪᠤᠷᠬᠢᠯᠬᠤ ᠨᠢ ᠳᠤᠲᠤᠨᠤᠬᠠᠨ ᠬᠠᠷᠠᠭᠳᠠᠨ᠎ᠠ᠃ ᠳᠠᠷᠤᠭ᠎ᠠ ᠮᠢᠨᠢ ᠬᠢᠯᠢ ᠶᠢᠨ ᠠᠵᠢᠯ ᠢᠶᠠᠨ ᠨᠢᠬᠡ ᠨᠢᠬᠡ ᠪᠠᠷ ᠪᠠᠭᠰᠢ ᠨᠢ ᠰᠤᠷᠤᠭᠴᠢᠳ ᠲᠤ ᠬᠢᠴᠢᠶᠠᠯ ᠵᠢᠭᠠᠵᠤ ᠪᠠᠶᠢᠭ᠎ᠠ ᠰᠢᠭ᠋ ᠳᠠᠭᠠᠭᠠᠯᠭᠠᠵᠤ ᠤᠷᠬᠢᠭᠠᠳ ᠶᠠᠪᠤᠯ᠎ᠠ᠃      ᠠᠷᠤ ᠳᠤ ᠨᠢ ᠦᠯᠡᠳᠡᠭᠰᠠᠨ ᠨᠠᠳᠠ ᠠᠭᠤᠯᠠ ᠳᠤ ᠪᠠᠶᠢᠬᠤ ᠮᠤᠷᠢᠳ ᠢᠶᠠᠨ ᠪᠠᠷᠢᠵᠤ ᠢᠷᠡᠬᠦ᠂ ᠬᠢᠯᠢ ᠶᠢᠨ ᠱᠤᠭᠤᠮ ᠢ ᠴᠠᠭᠳᠠᠨ ᠪᠠᠶᠢᠴᠠᠭᠠᠬᠤ᠂ ᠬᠢᠯᠢ ᠳᠤ ᠰᠠᠭᠤᠭ᠎ᠠ ᠮᠠᠯᠴᠢᠳ ᠲᠤ ᠬᠢᠯᠢ ᠶᠢᠨ ᠬᠠᠮᠢᠶᠠᠷᠤᠯᠲᠠ ᠶᠢᠨ ᠤᠬᠠᠭᠤᠯᠬᠤ ᠬᠢᠬᠦ᠂ ᠰᠦᠨᠢ ᠬᠠᠷᠠᠭᠤᠯ ᠮᠠᠨᠠᠭ᠎ᠠ ᠳᠤ ᠭᠠᠷᠬᠤ ᠵᠡᠷᠬᠡ ᠤᠯᠠᠨ ᠴᠢᠬᠤᠯᠠ ᠠᠵᠢᠯ ᠲᠤᠯᠭᠠᠷᠠᠯ᠎ᠠ᠃ ᠡᠬᠦᠨ ᠤ ᠳᠤᠲᠤᠷ᠎ᠠ ᠮᠤᠷᠢ ᠪᠠᠨ ᠤᠯᠵᠤ ᠪᠠᠷᠢᠬᠤ ᠠᠵᠢᠯ ᠳᠤ ᠮᠢᠨᠢ ᠲᠤᠯᠤᠭᠠᠢ ᠡᠪᠡᠳᠦᠯ᠎ᠡ ᠃ ᠠᠷᠪᠠᠨ ᠨᠠᠢᠮᠠ ᠠᠷᠠᠢ ᠬᠦᠷᠴᠤ ᠪᠠᠶᠢᠭ᠎ᠠ ᠬᠤᠶᠠᠷ ᠬᠤᠲᠠ ᠭᠠᠵᠠᠷ  ᠠᠴᠠ ᠢᠷᠡᠭᠰᠠᠨ ᠠᠩᠭᠠᠬᠠᠢ ᠴᠡᠷᠢᠭ ᠶᠠᠭᠤ ᠴᠤ ᠮᠡᠳᠡᠬᠦ ᠦᠬᠡᠢ᠂ ᠮᠤᠷᠢ ᠶᠢ ᠶᠠᠭᠠᠬᠢᠵᠤ ᠤᠨᠤᠬᠤ ᠶᠢ ᠮᠡᠳᠡᠬᠦ ᠦᠬᠡᠢ᠂ ᠡᠳᠡᠨ ᠬᠤᠶᠠᠷ ᠢ ᠳᠠᠰᠬᠠᠬᠤ ᠳᠤ ᠴᠠᠭ ᠡᠳᠤᠷ ᠬᠡᠷᠡᠭ ᠬᠡᠳ ᠤᠭᠤᠰᠤᠷ ᠪᠦᠴᠢ ᠦᠬᠡᠢ ᠤᠯᠠᠨ ᠶᠠᠭᠤᠮ᠎ᠠ ᠪᠤᠳᠤᠵᠤ ᠤᠳᠤ ᠶᠠᠪᠤᠭᠠᠷ ᠶᠠᠪᠤᠵᠤ ᠮᠠᠯᠴᠢᠨ ᠠᠶᠢᠯ ᠢᠶᠠᠷ ᠤᠳᠴᠤ ᠮᠤᠷᠢ ᠵᠢᠬᠡᠯᠡᠵᠤ ᠰᠠᠯᠪᠤᠷᠢ ᠶᠢᠨ ᠮᠤᠷᠢᠳ ᠢᠶᠠᠨ ᠡᠷᠢᠬᠦ ᠨᠢ ᠴᠢᠬᠤᠯᠠ ᠬᠡᠵᠤ ᠪᠤᠰᠬᠤ ᠬᠡᠳᠡᠯ᠎ᠠ ᠠᠭᠤᠳᠠᠮ ᠨᠤᠭᠤᠭᠠᠨ ᠬᠦᠳᠡᠭᠡ ᠶᠢ ᠵᠦᠰᠤᠭ᠍ᠰᠠᠨ ᠬᠠᠷ᠎ᠠ ᠵᠤᠷᠪᠤᠰ ᠵᠠᠮ ᠢᠶᠠᠷ ᠨᠢᠬᠡ ᠮᠤᠷᠢ  ᠲᠠᠢ ᠬᠦᠮᠤᠨ ᠶᠠᠭᠤᠮ᠎ᠠ ᠤᠤ︖ ᠲᠡᠮᠡᠭᠡ ᠶᠠᠭᠤᠮ᠎ᠠ ᠤᠤ︖ ᠪᠢᠳᠡᠨ ᠤ ᠬᠠᠷᠠᠭᠤᠯ ᠤᠨ ᠴᠡᠭ ᠢ ᠴᠢᠭᠯᠡᠨ ᠨᠠᠭᠠᠰᠢᠯᠠᠨ᠎ᠠ᠃ ᠪᠢ ᠭᠠᠳᠠᠨ᠎ᠠ ᠵᠤᠭᠰᠤᠵᠤ ᠪᠠᠶᠢᠭᠰᠠᠨ ᠨᠢᠬᠡ ᠠᠩᠭᠠᠬᠠᠢ ᠴᠡᠷᠢᠭ ᠢᠶᠠᠨ ᠳᠠᠭᠤᠳᠠᠨ ᠬᠡᠷ ᠲᠤ ᠪᠠᠶᠢᠬᠤ ᠲᠤᠷᠠᠨ ᠢᠶᠠᠨ  ᠠᠪᠴᠤ ᠬᠤᠶᠠᠷ ᠨᠢᠳᠤᠨ ᠳᠡᠭᠡᠨ ᠲᠤᠯᠭᠠᠨ ᠰᠤᠨᠤᠯᠵᠠᠭᠰᠠᠨ ᠵᠠᠮ ᠢ ᠨᠠᠷᠢᠪᠴᠢᠯᠠᠨ ᠬᠠᠷᠠᠬᠤ ᠳᠤ ᠬᠠᠩᠬᠠᠭᠠᠷ ᠡᠬᠡᠮ᠂ ᠲᠤᠮᠤ ᠴᠤᠭᠴᠠ ᠲᠠᠢ ᠡᠪᠤᠬᠡᠨᠴᠠᠷ ᠬᠦᠮᠤᠨ ᠬᠦᠷᠡᠩ ᠵᠠᠬᠡᠷᠳᠠ ᠮᠤᠷᠢ ᠤᠨᠤᠵᠤ ᠰᠠᠶᠢᠪᠤᠷᠢᠯᠠᠨ ᠢᠷᠡᠨ᠎ᠡ᠃ ᠤᠳᠠᠯ ᠦᠬᠡᠢ ᠮᠤᠷᠢᠨ ᠱᠤᠩ ᠳᠡᠬᠡᠷ᠎ᠠ ᠢᠷᠡᠵᠤ ᠪᠠᠭᠤᠯ᠎ᠠ᠃ ᠮᠤᠷᠢ ᠠᠴᠠ ᠪᠠᠨ ᠪᠠᠭᠤᠬᠤ ᠳᠤ ᠡᠬᠡᠮ ᠨᠢ ᠮᠤᠷᠢᠨ ᠤ ᠨᠢᠷᠤᠭᠤ ᠲᠠᠢ ᠰᠠᠴᠠᠭᠤ ᠰᠦᠷᠯᠢᠭ ᠦᠠᠳᠤᠷ᠂ ᠨᠠᠷᠠ ᠰᠠᠯᠬᠢᠨ ᠳᠤ ᠪᠤᠷᠤᠯᠠᠭᠰᠠᠨ ᠬᠠᠷ᠎ᠠ ᠤᠯᠠᠭᠠᠨ ᠴᠢᠷᠠᠢ ᠳᠤ ᠨᠢ ᠪᠠᠶᠠᠷ ᠢᠨᠢᠶᠠᠲᠤ ᠲᠤᠳᠤᠷᠠᠭᠰᠠᠨ᠂ ᠬᠠᠷᠢᠶᠠᠴᠠᠢ  ᠶᠢᠨ ᠵᠢᠬᠦᠷ ᠰᠠᠬᠠᠯ ᠲᠠᠢ᠂ ᠬᠤᠨᠢᠨ ᠴᠡᠬᠡᠷ ᠨᠢᠳᠤ ᠨᠢ ᠴᠤᠭ ᠪᠠᠳᠠᠷᠠᠭᠰᠠᠨ ᠶᠤᠰᠤᠲᠠᠢ ︽ᠵᠠᠩᠭᠠᠷ︾ ᠤᠨ ᠲᠤᠤᠯᠢ ᠳᠤ ᠭᠠᠷᠳᠠᠭ ᠬᠤᠩᠭᠤᠷ ᠰᠢᠭ᠋ ᠠᠶᠢᠬᠤᠪᠲᠤᠷ ᠲᠤᠮᠤ ᠵᠢᠷᠠ ᠦᠩᠬᠡᠷᠠᠤ ᠨᠠᠰᠤ ᠲᠠᠢ ᠡᠪᠤᠬᠡᠨ ᠪᠠᠶᠢᠯ᠎ᠠ᠃ ᠪᠢ ᠭᠠᠶᠢᠬᠠᠰᠢ ᠠᠯᠳᠠᠨ ᠪᠠᠭ᠋ᠠᠷᠬᠠᠵᠤ᠂ ᠰᠠᠭᠤᠵᠤ ᠪᠠᠶᠢᠭᠰᠠᠨ ᠭᠠᠵᠠᠷ ᠠᠴᠠ ᠪᠠᠨ ᠪᠤᠰᠴᠤ ᠬᠤᠷᠳᠤᠯᠠᠨ ᠬᠠᠵᠠᠭᠤ ᠳᠤ ᠨᠢ ᠤᠳᠴᠤ᠄ ︽ᠠᠮᠤᠷ ᠰᠠᠶᠢᠬᠠᠨ ᠪᠠᠶᠢᠨᠤ ᠲᠠ︖︾ ᠬᠡᠵᠤ ᠮᠡᠠᠳᠤ ᠠᠰᠠᠭᠤᠬᠤ ᠳᠤ ᠨᠠᠰᠤᠲᠠᠨ᠄ ︽ᠮᠡᠠᠳᠤ ᠰᠠᠶᠢᠬᠠᠨ᠂ ᠬᠡᠤᠬᠡᠳ ᠰᠠᠶᠢᠬᠠᠨ ᠬᠦᠷᠤᠬᠡᠳ ᠢᠷᠡᠪᠠᠤ︖︾ ᠬᠡᠵᠤ ᠬᠠᠷᠢᠭᠤ ᠮᠡᠠᠳᠤ ᠠᠰᠠᠭᠤᠯ᠎ᠠ᠃ ᠲᠡᠬᠡᠬᠡᠳ ᠮᠡᠠᠲᠤ ᠬᠠᠨᠳᠤ ᠶᠢᠨ ᠳᠠᠷᠠᠭ᠎ᠠ ᠬᠡᠷ ᠤᠨ ᠭᠠᠳᠠᠨᠠᠬᠢ ᠨᠤᠭᠤᠭᠠᠨ ᠵᠦᠯᠬᠡ ᠳᠡᠬᠡᠷ᠎ᠠ ᠢᠷᠡᠵᠤ ᠵᠠᠪᠢᠯᠠᠨ ᠰᠠᠭᠤᠭᠠᠳ ᠰᠠᠶᠢᠬᠠᠨ ᠮᠤᠩᠭᠤᠯ ᠬᠡᠴᠠ ᠲᠠᠢ ᠨᠠᠰᠤᠮᠠᠢ ᠶᠢᠨ ᠬᠦᠬᠦᠤᠷ ᠭᠠᠷᠭᠠᠵᠤ ᠪᠠᠷᠢᠯ᠎ᠠ᠃ ᠳᠠᠷᠠᠭ᠎ᠠ ᠨᠢ ᠠᠳᠡᠬᠢ ᠶᠢᠨ ᠠᠮᠢᠳᠤᠷᠠᠯ ᠤᠨ ᠪᠠᠶᠢᠳᠠᠯ᠂ ᠬᠡᠵᠢᠶ᠎ᠠ ᠢᠷᠡᠭᠰᠠᠨ᠂ ᠠᠯᠢ ᠨᠤᠲᠤᠭ ᠤᠨ ᠬᠦᠮᠤᠨ ᠬᠡᠵᠤ ᠤᠯᠠᠨ ᠶᠠᠭᠤᠮ᠎ᠠ ᠠᠰᠠᠭᠤᠭᠰᠠᠨ ᠳᠠᠷᠠᠭ᠎ᠠ ᠪᠠᠶ᠎ᠠ ᠪᠠᠨ ᠲᠠᠨᠢᠯᠴᠠᠭᠤᠯᠤᠨ᠄ ︽ᠮᠢᠨᠤ ᠨᠡᠷ᠎ᠡ ᠪᠠᠰᠠᠭ᠎ᠠ ᠬᠡᠳᠡᠭ᠂ ᠴᠠᠭᠠᠠᠲᠦ᠋ᠩᠬᠡ ᠰᠤᠮᠤᠨ ᠲᠦᠷᠬᠡᠨ ᠲᠤᠰᠬᠤᠨ ᠤ ᠮᠠᠯᠴᠢᠨ᠂ ᠤᠳᠤ ᠡᠮᠡᠬᠡᠨ᠂ ᠤᠳᠬᠤᠨ ᠦᠬᠢᠨ ᠲᠠᠢ ᠪᠠᠨ ᠭᠤᠷᠪᠠᠭᠤᠯᠠ ᠲᠡᠷᠡ ᠦᠵᠡᠭᠳᠡᠵᠤ ᠪᠠᠶᠢᠭ᠎ᠠ ᠤᠯᠠᠭᠠᠨ ᠪᠠᠶᠢᠰᠢᠩ ᠤᠨ ᠬᠠᠵᠠᠭᠤ ᠳᠤ ᠮᠤᠩᠭᠤᠯ ᠬᠡᠷ ᠪᠠᠷᠢᠵᠤ ᠰᠠᠭᠤᠭᠠᠳ᠂ ᠬᠤᠪᠢ  ᠶᠢᠨ ᠨᠢᠬᠡ ᠬᠤᠷᠤᠭ᠎ᠠ ᠦᠬᠡᠷ ᠢᠶᠠᠨ ᠬᠠᠷᠢᠭᠤᠯᠤᠨ ᠠᠮᠢᠳᠤᠷᠠᠵᠤ ᠪᠠᠶᠢᠨ᠎ᠠ᠃ ᠮᠠᠨ ᠤ ᠰᠦᠪᠠᠢ ᠦᠬᠡᠷ ᠤᠳ ᠡᠨᠠ ᠳᠡᠬᠡᠳᠤ ᠪᠠᠶ᠎ᠠ ᠳᠤ ᠪᠠᠶᠢᠬᠤ ᠬᠤᠰᠤᠲᠠᠢ ᠬᠦᠠᠳᠡᠢ  ᠶᠢᠨ ᠭᠤᠤᠯ ᠤᠨ ᠰᠢᠷᠢᠭ ᠳᠡᠬᠡᠷ᠎ᠠ ᠪᠠᠶᠢᠨ᠎ᠠ᠃ ᠲᠡᠬᠡᠬᠡᠳ ᠪᠢ ᠡᠳᠤᠷ ᠪᠦᠷᠢ ᠨᠢᠬᠡ ᠤᠳᠠᠭ᠎ᠠ ᠠᠳᠠ ᠢᠷᠡᠵᠤ ᠦᠵᠡᠳᠡᠭ︾ ᠬᠡᠵᠤ ᠬᠡᠯᠡᠬᠡᠳ ᠨᠠᠰᠤᠮᠠᠢ ᠶᠢᠨ ᠬᠦᠬᠦᠤᠷ  ᠢᠶᠠᠨ ᠭᠠᠷᠭᠠᠨ ᠠᠯᠠᠭᠠᠨ ᠳᠡᠬᠡᠷ᠎ᠠ ᠪᠠᠨ ᠬᠡᠰᠡᠭ ᠨᠠᠰᠤᠮᠠᠢ ᠬᠢᠵᠤ ᠳᠤᠤᠷ᠎ᠠ ᠠᠮᠠᠨ ᠳᠠᠭᠠᠨ ᠬᠢᠯ᠎ᠠ᠃ ᠡᠨᠠ ᠦᠶ᠎ᠠ ᠪᠢ᠄ ︽ᠨᠠᠰᠤᠲᠠᠨ᠂ ᠲᠠ ᠮᠠᠨ ᠤ ᠰᠠᠯᠪᠤᠷᠢ ᠶᠢᠨ ᠮᠤᠷᠢᠳ ᠢ ᠦᠵᠡᠭᠰᠡᠨ ᠤᠤ︖︾ ᠬᠡᠵᠤ ᠠᠰᠠᠭᠤᠪᠠᠯ ᠲᠡᠷᠡ ᠠᠳᠠᠭᠠᠯ ᠦᠬᠡᠢ ᠠᠵᠢᠮᠬᠠᠨ᠄ ︽ᠦᠴᠤᠬᠡᠳᠤᠷ ᠦᠵᠡᠭᠰᠠᠨ᠂ ᠬᠤᠰᠤᠲᠠᠢ ᠶᠢᠨ ᠬᠦᠠᠳᠡᠢ ᠶᠢᠨ ᠪᠠᠷᠠᠭᠤᠨ ᠪᠠᠶ᠎ᠠ ᠰᠠᠯᠠᠭ᠎ᠠ ᠳᠤᠲᠤᠷ᠎ᠠ ᠪᠠᠶᠢᠨ᠎ᠠ᠃ ᠬᠡᠷᠪᠠ ᠲᠠᠨᠠᠷ ᠤᠨᠤᠬᠤ ᠪᠤᠯ ᠪᠢ ᠮᠠᠷᠭᠠᠰᠢ ᠦᠷᠯᠤᠬᠡ ᠡᠷᠲᠠ ᠠᠪᠴᠢᠷᠠᠵᠤ ᠦᠭᠬᠦᠶ᠎ᠠ︾ ᠬᠡᠰᠠᠨ ᠳᠤ ᠪᠢ ᠳᠠᠭᠠᠷᠠᠵᠤ ᠪᠠᠶᠢᠭᠰᠠᠨ ᠬᠦᠮᠤᠨ ᠳᠤ ᠳᠠᠬᠤ ᠬᠦᠷᠬᠡᠭᠰᠠᠨ ᠰᠢᠭ ᠳᠤᠯᠠᠭᠠᠬᠠᠨ ᠰᠠᠨᠠᠭᠳᠠᠵᠤ ᠬᠤᠷᠳᠤᠬᠠᠨ᠄ ︽ᠠᠴᠢᠲᠠᠢ ᠪᠤᠯᠤᠯ᠎ᠠ᠂ ᠪᠢ ᠤᠳᠤᠬᠠᠨ ᠮᠤᠷᠢᠳ ᠢᠶᠠᠨ ᠶᠠᠭᠠᠬᠢᠵᠤ ᠤᠯᠵᠤ ᠠᠪᠤᠶ᠎ᠠ ᠬᠡᠵᠤ ᠰᠠᠨᠠᠭ᠎ᠠ ᠵᠤᠪᠠᠵᠤ ᠪᠠᠶᠢᠭᠰᠠᠨ︾ ᠬᠡᠬᠦ ᠳᠤ ᠪᠠᠰᠠᠭ᠎ᠠ ᠨᠠᠰᠤᠲᠠᠨ᠄ ︽ ᠬᠠᠮᠢᠶ᠎ᠠ ᠦᠬᠡᠢ᠂ ᠲᠠᠨᠠᠷ ᠶᠠᠮᠠᠷ ᠬᠡᠷᠡᠭ ᠪᠠᠶᠢᠪᠠᠯ ᠨᠠᠳᠠ ᠶᠢ ᠡᠷᠢᠵᠤ ᠤᠳ︾ ᠬᠡᠵᠤ ᠬᠡᠯᠡᠬᠡᠳ ᠮᠤᠷᠢ ᠪᠠᠨ ᠤᠨᠤᠵᠤ ᠦᠬᠡᠷ ᠤᠨ ᠰᠦᠷᠤᠭ᠌ ᠵᠦᠭ ᠢᠶᠠᠨ ᠶᠠᠪᠤᠯ᠎ᠠ᠃   
ᠢᠷᠡᠯᠲᠡ᠄ ᠬᠤᠯᠪᠤᠭ᠎ᠠ ᠪᠦᠷᠬᠡ