ᠡᠬᠡᠯ ᠪᠤᠷᠤ ᠬᠦᠳᠡᠭᠡ ᠶᠢᠨ ᠬᠦᠮᠤᠰ ︵ᠬᠤᠶᠠᠷ︶
ᠨᠡᠶᠢᠲᠡᠯᠡᠭᠰᠡᠨ ᠴᠠᠭ᠄
2024/12/9
     ᠰᠤᠮᠤᠨ ᠤ ᠲᠦᠪ ᠠᠴᠠ ᠬᠢᠯᠢ ᠶᠢᠨ ᠴᠡᠭ ᠲᠤ ᠬᠦᠷᠬᠦ ᠠᠷᠪᠠᠨ ᠲᠠᠪᠤᠨ ᠺᠢᠯᠤᠮᠧᠲᠷ ᠤᠨ ᠰᠢᠷᠤᠢ ᠶᠢᠨ ᠵᠠᠮ ᠢᠶᠠᠷ ᠲᠤᠭᠤᠰᠤ ᠮᠠᠨᠳᠤᠭᠤᠯᠤᠨ ᠰᠠᠯᠪᠤᠷᠢ ᠶᠢᠨ ᠨᠠᠢᠮᠠᠨ ᠬᠦᠮᠤᠨ ᠰᠠᠭᠤᠳᠠᠭ ᠵᠢᠫᠢ ᠲᠡᠷᠬᠡ ᠪᠠᠷ ᠳᠠᠪᠬᠢᠬᠤ ᠳᠤ ᠠᠭᠤᠯᠠ ᠬᠦᠳᠡᠭᠡ ᠶᠢ ᠬᠤᠯᠪᠤᠭᠰᠠᠨ ᠤᠷᠲᠤ ᠵᠠᠮ ᠰᠤᠨᠤᠯᠵᠠᠨ ᠵᠠᠬ᠎ᠠ ᠬᠢᠵᠠᠭᠠᠷ ᠦᠬᠡᠢ ᠵᠤᠷᠠᠶᠢᠭᠠᠳ ᠬᠦᠳᠡᠭᠡ᠂ ᠠᠳᠠᠷᠭᠠᠨ᠂ ᠳᠤᠪᠤᠩ᠂ ᠳᠤᠯᠤᠭᠠᠳ ᠢ ᠰᠢᠪᠲᠤᠯᠤᠨ ᠠᠭᠤᠯᠠ ᠶᠢᠨ ᠵᠠᠮ ᠲᠤᠯᠤᠭᠠᠢ ᠦᠬᠡᠢ ᠲᠡᠮᠡᠭᠡ ᠰᠢᠭ ᠬᠦᠳᠤᠯᠤᠨ ᠶᠠᠪᠤᠬᠤ ᠪᠠᠷ ᠪᠢᠳᠠ ᠬᠦᠬᠡ ᠴᠡᠩᠬᠡᠷ ᠤᠭᠲᠠᠷᠭᠤᠢ᠂ ᠬᠦᠪᠤᠩ ᠴᠠᠭᠠᠨ ᠡᠬᠦᠯᠡᠰ᠂ ᠬᠦᠳᠡᠭᠡ ᠲᠠᠯ᠎ᠠ ᠶᠢᠨ ᠦᠵᠡᠰᠬᠦᠯᠡᠩ ᠢ ᠪᠠᠭ᠋ᠠᠷᠬᠠᠨ᠂ ᠲᠡᠷᠬᠡᠨ ᠤ ᠰᠢᠩᠭᠡᠭᠡᠯᠲᠡ  ᠶᠢᠨ ᠮᠠᠰᠢᠨ ᠠᠴᠠ ᠬᠠᠩᠬᠢᠨᠠᠨ ᠴᠤᠤᠷᠢᠶᠠᠳᠤᠵᠤ ᠪᠠᠶᠢᠭ᠎ᠠ ︽ᠴᠠᠬᠠᠷ ᠨᠠᠢᠮᠠᠨ ᠬᠤᠰᠢᠭᠤ︾ ᠬᠡᠳᠡᠭ ᠳᠠᠭᠤᠨ ᠳᠤ ᠰᠡᠳᠬᠢᠯ ᠤᠶᠠᠷᠠᠨ ᠶᠠᠪᠤᠬᠤ ᠨᠢ ᠶᠢᠷᠲᠢᠠᠴᠤ ᠶᠢᠨ ᠪᠠᠰᠠ ᠨᠢᠬᠡᠨ ᠠᠵᠠ ᠵᠢᠷᠭᠠᠯ ᠰᠢᠭ᠋ ᠰᠠᠨᠠᠭᠳᠠᠳᠠᠭ ᠪᠠᠶᠢᠭᠰᠠᠨ ᠶᠤᠮ᠃ ᠨᠡᠩ ᠴᠤ ᠵᠤᠨ ᠤ ᠤᠯᠠᠷᠢᠯ ᠤᠨ ᠬᠦᠳᠡᠭᠡ ᠪᠠᠨ ᠪᠦᠷᠬᠦᠨ ᠳᠡᠯᠬᠡᠷᠡᠭᠰᠠᠨ ᠦᠩᠬᠡ ᠪᠦᠷᠢ ᠶᠢᠨ ᠴᠡᠴᠡᠭ ᠤᠨ ᠮᠦᠰᠢᠶᠠᠯ᠂ ᠬᠦᠬᠦᠬᠡ  ᠶᠢᠨ ᠳᠠᠭᠤ᠂ ᠲᠠᠨ᠎ᠠ ᠰᠤᠪᠤᠳ ᠰᠢᠭ᠋ ᠪᠡᠯᠴᠢᠭᠰᠡᠨ ᠲᠠᠪᠤᠨ ᠬᠤᠰᠢᠭᠤ ᠮᠠᠯ ᠰᠦᠷᠤᠭ᠌ ᠠᠯᠠᠭᠷᠠᠨ ᠬᠠᠷᠠᠭᠳᠠᠬᠤ ᠨᠢ ᠤᠠᠴᠠ ᠶᠢᠨ ᠭᠤᠶᠢᠳᠠ ᠬᠠᠷᠠᠭᠳᠠᠵᠤ ᠰᠡᠳᠬᠢᠯ ᠠᠭᠤᠵᠢᠷᠠᠨ ᠰᠠᠨᠠᠭ᠎ᠠ ᠪᠠᠶᠠᠰᠤᠨ᠎ᠠ᠃ ᠪᠢᠳᠠ ᠵᠠᠮ ᠳᠠᠭᠠᠨ ᠵᠤᠯᠲᠤᠷᠭᠠᠨ᠂ ᠪᠡᠳᠡᠲᠤ ᠬᠤᠲᠤᠭᠤᠷ᠂ ᠶᠡᠭᠡ ᠬᠤᠰᠤᠲᠠᠢ ᠶᠢᠨ ᠰᠠᠯᠠᠭ᠎ᠠ᠂ ᠤᠷᠤᠯᠳᠤᠭᠠᠨ ᠵᠤ᠂ ᠤᠯᠠᠭᠠᠨ ᠪᠠᠶᠢᠰᠢᠩ ᠵᠡᠷᠬᠡ ᠭᠠᠵᠠᠷ ᠢᠶᠠᠷ ᠳᠠᠮᠵᠢᠨ ᠶᠠᠪᠤᠬᠤ ᠳᠤ ᠠᠭᠤᠳᠠᠮ ᠬᠠᠩᠭᠠᠢ᠂ ᠪᠤᠭᠤᠨᠢ ᠤᠷᠲᠤ ᠠᠭᠤᠯᠠᠰ᠂ ᠭᠤᠤᠯ ᠭᠤᠷᠤᠬ᠎ᠠ᠂ ᠨᠠᠮᠠᠬᠠᠨ ᠳᠤᠪᠤᠩ ᠤᠳ ᠦᠷᠬᠦᠯᠵᠢᠯᠡᠭᠰᠠᠨ ᠠᠭᠤᠯᠠᠷᠬᠠᠭ ᠨᠤᠲᠤᠭ ᠤᠨ ᠪᠠᠶᠢᠭᠠᠯᠢ ᠦᠪᠠᠷ ᠤᠨ ᠰᠤᠳᠤᠨ ᠦᠵᠡᠮᠵᠢ ᠪᠠᠨ ᠭᠠᠶᠢᠬᠠᠭᠤᠯᠤᠨ ᠠᠶᠠᠠᠳᠠᠭᠠᠨ ᠮᠢᠨᠤ ᠲᠦᠷᠤᠭ᠍ᠰᠠᠨ ᠨᠤᠲᠤᠭ ᠮᠤᠩᠭᠤᠯᠬᠦ᠋ᠷᠢᠶ᠎ᠠ ᠶᠢᠨ ᠲᠠᠯ᠎ᠠ ᠨᠤᠲᠤᠭ ᠢ ᠰᠠᠨᠠᠭᠳᠠᠭᠤᠯᠤᠨ᠎ᠠ᠃
ᠢᠷᠡᠯᠲᠡ᠄ ᠬᠤᠯᠪᠤᠭ᠎ᠠ ᠪᠦᠷᠬᠡ