ᠬᠦᠮᠤᠨ ᠪᠦᠬᠦᠨ ᠤ ᠬᠤᠪᠢ ᠵᠠᠶᠠᠭ᠎ᠠ ᠪᠦᠷ ᠠᠳᠠᠯᠢ ᠦᠬᠡᠢ ᠪᠠᠶᠢᠳᠠᠭ᠃ ᠲᠡᠷᠡ ᠨᠢ ᠬᠦᠮᠤᠨ ᠤ ᠰᠠᠨᠠᠭᠰᠠᠨ ᠢᠶᠠᠷ ᠪᠤᠯᠳᠠᠭ ᠦᠬᠡᠢ ᠬᠠᠷᠢᠨ ᠰᠠᠨᠠᠭ᠎ᠠ ᠳᠤ ᠦᠬᠡᠢ | ᠶᠠᠪᠤᠳᠠᠯ ᠲᠤᠬᠢᠶᠠᠯᠳᠠᠭ ᠨᠢ ᠰᠤᠨᠢᠨ ᠳ᠋ᠠ᠃ ᠪᠢ ᠶᠠᠷᠤ ᠬᠢᠯᠢ ᠶᠢᠨ ᠴᠡᠷᠢᠭ ᠪᠤᠯᠵᠤ ᠠᠷᠤ ᠨᠤᠲᠤᠭ ᠤᠨ ᠠᠯᠲᠠᠨ ᠬᠢᠯᠢ ᠳᠡᠬᠡᠷ᠎ᠡ ᠤᠴᠢᠨ᠎ᠠ ᠬᠡᠵᠤ ᠵᠠᠬᠦᠳᠤᠨ ᠳᠤ | ᠤᠷᠤᠮᠠᠷ ᠤᠴᠢᠷ ᠪᠢᠰᠢ ᠪᠢᠯᠠ᠃ ᠬᠠᠷᠢᠨ ᠪᠠᠭ᠎ᠠ ᠪᠠᠯᠴᠢᠷ ᠨᠠᠰᠤᠨ ᠳᠠᠭᠠᠨ ᠡᠵᠢ ᠶᠢᠨ ᠢᠶᠠᠨ ᠶᠠᠰᠤ ᠪᠠᠷᠢᠬᠤ ᠡᠷᠳᠡᠮ ᠢ ᠵᠠᠯᠭᠠᠮᠵᠢᠯᠠᠵᠤ᠂ ᠡᠮᠴᠢ ᠪᠤᠯᠤᠶ᠎ᠠ ᠬᠡᠵᠤ | ᠰᠦᠨᠢ ᠶᠢᠨ ᠵᠠᠬᠦᠳᠤ ᠡᠳᠤᠷ ᠤᠨ ᠬᠦᠰᠡᠯ ᠪᠤᠯᠭᠠᠳᠠᠭ ᠪᠠᠶᠢᠭᠰᠠᠨ᠃ ᠬᠡᠲᠠᠯ᠎ᠠ ᠶᠠᠮᠠᠷ ᠠᠷᠭ᠎ᠠ ᠪᠠᠶᠢᠨ᠎ᠠ ᠲᠡᠷᠡ ᠵᠢᠯ ᠦᠠᠳᠤᠷ ᠳᠡᠬᠡᠳᠤ ᠪᠠᠨ ᠲᠡᠬᠦᠰᠬᠡᠭᠰᠠᠨ ᠤ ᠳᠠᠷᠠᠭ᠎ᠠ | ᠲᠤᠭ᠎ᠠ ᠲᠠᠢ ᠠᠪᠬᠤ ᠶᠡᠭᠡ ᠰᠤᠷᠭᠠᠭᠤᠯᠢ ᠳᠤ ᠤᠷᠤᠬᠤ ᠰᠢᠯᠭᠠᠯᠲᠠ ᠠᠴᠠ ᠬᠠᠶᠠᠭᠳᠠᠵᠤ᠂ ᠴᠡᠷᠢᠭ ᠭᠠᠷᠤᠯᠲᠠᠢ ᠠᠪᠤ ᠶᠢᠨ ᠢᠶᠠᠨ ᠰᠠᠨᠠᠭ᠎ᠠ ᠪᠠᠷ ᠬᠢᠯᠢ ᠶᠢᠨ ᠴᠡᠷᠢᠭ | ᠪᠤᠯᠵᠤ᠂ ᠴᠢᠷᠮᠠᠶᠢᠯᠲᠠ ᠶᠢᠨ ᠰᠠᠶᠢᠨ ᠢᠶᠠᠷ ᠴᠡᠷᠢᠭ ᠤᠨ ᠰᠤᠷᠭᠠᠭᠤᠯᠢ ᠳᠤ ᠤᠷᠤᠵᠤ ᠰᠤᠷᠤᠯᠴᠠᠭᠠᠳ ᠬᠡᠳᠤᠨ ᠵᠢᠯ ᠤᠨ ᠳᠠᠷᠠᠭ᠎ᠠ ᠳᠡᠬᠡᠳᠤ ᠱᠠᠲᠤ ᠶᠢᠨ ᠬᠤᠪᠢᠶᠠᠷᠢᠯᠲᠠ | ᠪᠠᠷ ᠪᠤᠷᠤᠲᠠᠯ᠎ᠠ ᠨᠤᠲᠤᠭ ᠤᠨ ᠬᠢᠯᠢ ᠳᠤ ᠢᠷᠡᠵᠤ ᠠᠵᠢᠯᠯᠠᠭᠰᠠᠨ ᠪᠤᠯᠳᠠᠭ᠃ | ᠴᠡᠷᠢᠭ ᠤᠨ ᠳᠦᠷᠢᠮ ᠲᠤᠭᠲᠠᠭᠠᠯ ᠢᠶᠠᠷ ᠨᠠᠳᠠ ᠶᠢ ᠪᠤᠷᠤᠲᠠᠯ᠎ᠠ ᠬᠤᠲᠠ ᠠᠴᠠ ᠵᠢᠷᠠᠨ ᠵᠢᠷᠭᠤᠭᠠᠨ ᠺᠢᠯᠤᠮᠧᠲᠷ ᠬᠤᠯᠠ ᠪᠠᠶᠢᠬᠤ ᠷᠠᠰᠢᠶᠠᠨ ᠰᠢᠶᠠᠨ ᠤ | ᠴᠠᠭᠠᠠᠲᠦ᠋ᠩᠬᠡ ᠰᠤᠮᠤᠨ ᠤ ᠬᠤᠰᠤᠲᠠᠢ ᠶᠢᠨ ᠬᠢᠯᠢ ᠶᠢᠨ ᠬᠠᠮᠠᠭᠠᠯᠠᠯᠲᠠ ᠶᠢᠨ ᠲᠤᠮᠢᠯᠠᠭᠰᠠᠨ ᠰᠠᠯᠪᠤᠷᠢ ᠳᠤ ᠬᠢᠯᠢ ᠶᠢᠨ ᠴᠠᠭᠳᠠᠭ᠎ᠠ ᠪᠠᠷ ᠪᠠᠶᠢᠷᠢᠰᠢᠯᠠᠵᠠᠢ᠃ | ᠴᠠᠭᠠᠠᠲᠦ᠋ᠩᠬᠡ ᠰᠤᠮᠤᠨ ᠰᠢᠶᠠᠨ ᠤ ᠪᠠᠯᠭᠠᠰᠤᠨ ᠠᠴᠠ ᠵᠠᠬᠦᠠᠰᠢ ᠬᠤᠷᠢᠨ ᠲᠠᠪᠤᠨ ᠺᠢᠯᠤᠮᠧᠲᠷ ᠬᠤᠯᠠ ᠪᠠᠶᠢᠵᠤ᠂ ᠪᠤᠷᠤᠲᠠᠯ᠎ᠠ ᠶᠢᠨ ᠭᠤᠤᠯ ᠤᠨ ᠬᠦᠪᠡᠭᠡ ᠳᠤ | ᠪᠠᠶᠢᠷᠢᠯᠠᠨ ᠬᠤᠶᠢᠲᠤ ᠪᠠᠶ᠎ᠠ ᠳᠡᠭᠡᠨ ᠠᠯᠠᠭ ᠠᠭᠤᠯᠠ ᠶᠢ ᠲᠦᠰᠢᠵᠤ᠂ ᠮᠧᠯᠴᠧᠭ᠂ ᠭᠤᠷᠪᠠᠨ ᠪᠤᠯᠠᠭ᠂ ᠴᠠᠭᠠᠠᠰᠠᠢ᠂ ᠵᠢᠷᠤᠬᠡᠨ᠂ ᠮᠤᠷᠤᠢ᠂ ᠬᠤᠰᠤᠲᠠᠢ ᠵᠡᠷᠬᠡ ᠠᠭᠤᠯᠠ | ᠰᠠᠯᠠᠭ᠎ᠠ ᠨᠢ ᠬᠢᠯᠢ ᠳᠠᠪᠠᠭᠠᠨ ᠢᠶᠠᠷ ᠺᠠᠽᠠᠭᠰᠲ᠋ᠠᠨ ᠤᠯᠤᠰ ᠲᠠᠢ ᠬᠦᠷᠰᠢᠯᠠᠵᠤ ᠪᠠᠶᠢᠳᠠᠭ᠃ | ᠨᠠᠳᠠ ᠶᠢ ᠤᠴᠢᠭᠰᠠᠨ ᠤ ᠳᠠᠷᠠᠭ᠎ᠠ ᠰᠠᠯᠪᠤᠷᠢ ᠶᠢᠨ ᠠᠵᠢᠯ ᠤᠨ ᠪᠠᠶᠢᠷᠢᠰᠢᠯᠲᠠ ᠪᠠᠷ ᠴᠠᠭᠠᠠᠲᠦ᠋ᠩᠬᠡ ᠰᠤᠮᠤᠨ ᠤ ᠬᠢᠯᠢ ᠶᠢᠨ ᠬᠠᠮᠢᠶᠠᠷᠤᠯᠲᠠ ᠶᠢᠨ ᠠᠵᠢᠯ ᠳᠤ | ᠬᠠᠷᠢᠴᠠᠭᠤᠯᠭ᠎ᠠ ᠲᠠᠢ ᠪᠤᠯᠭᠠᠵᠤ᠂ ᠬᠤᠶᠠᠷ ᠪᠠᠶᠢᠯᠳᠤᠭᠴᠢ ᠲᠠᠢ ᠬᠠᠮᠲᠤ ᠬᠤᠰᠤᠲᠠᠢ ᠶᠢᠨ ᠬᠦᠠᠳᠡᠢ ᠶᠢᠨ ᠬᠤᠷᠮᠤᠢ ᠳᠤ ᠪᠠᠶᠢᠬᠤ ᠬᠢᠯᠢ ᠶᠢᠨ ᠬᠠᠷᠠᠭᠤᠯ ᠤᠨ ᠴᠡᠭ ᠲᠤ | ᠬᠦᠷᠬᠡᠭᠰᠠᠨ ᠶᠤᠮ᠃ |