ᠡᠬᠢᠯᠡᠯᠲᠡ ᠨᠢ ᠲᠡᠭᠦᠰᠭᠡᠯ ᠢᠶᠠᠨ ᠲᠤᠭᠳᠠᠭᠠᠬᠤ ᠦᠭᠡᠢ ︵ᠭᠤᠷᠪᠠ︶
ᠨᠡᠶᠢᠲᠡᠯᠡᠭᠰᠡᠨ ᠴᠠᠭ᠄
2024/12/9
     ᠵᠤᠨ ᠮᠢᠨᠢ᠂ ᠠᠵᠠ ᠲᠤᠬᠢᠶᠠᠯ ᠪᠤᠯ ᠦᠨᠢ ᠡᠭᠦᠷᠢᠳᠡ ᠠᠳᠠᠯᠢ ᠲᠡᠭᠰᠢ ᠪᠢᠰᠢ ᠶᠤᠮ᠃ ᠭᠡᠪᠡᠴᠤ ᠦᠷ᠎ᠡ ᠳ᠋ᠦᠩ ᠨᠢ ᠠᠳᠠᠯᠢ ᠳᠡᠭᠰᠢ ᠪᠠᠶᠢᠳᠠᠭ᠃ ᠲᠡᠤᠬᠡᠨ ᠳᠡᠭᠡᠷ᠎ᠡ ᠠᠯᠢ ᠴᠤ ᠤᠯᠤᠰ ᠲᠦᠷᠦ ᠶᠢᠨ  ᠬᠢᠨ ᠬᠡᠰᠡᠨ ᠦᠭᠡᠢ ᠨᠡᠩ ᠢᠯᠠᠩᠭᠤᠶ᠎ᠠ ᠠᠷᠠᠯᠵᠢᠶ᠎ᠠ ᠬᠤᠳᠠᠯᠳᠤᠭᠠᠨ ᠤ  ᠬᠢᠨ ᠳᠤ ᠬᠤᠭᠤᠰᠤᠨ ᠭᠠᠷ ᠢᠶᠠᠷ ᠢᠶᠠᠨ ᠦᠢᠯᠡᠰ ᠪᠤᠰᠬᠠᠭᠰᠠᠨ ᠵᠢᠱᠢᠶ᠎ᠡ ᠮᠤᠩ ᠦᠭᠡᠢ ᠤᠯᠠᠨ ᠪᠠᠶᠢᠳᠠᠭ᠃ ᠳᠡᠳᠡᠨᠡᠷ ᠦᠩᠭᠡᠷᠡᠭᠰᠡᠨ ᠳᠤ ᠶᠠᠳᠠᠭᠤ ᠬᠦᠴᠢᠷᠲᠠᠢ ᠮᠦᠷᠲᠡᠭᠡᠨ ᠠᠵᠠ ᠳᠤᠬᠢᠶᠠᠯ ᠬᠤᠮᠰᠠ ᠪᠠᠭ᠎ᠠ ᠤᠷᠴᠢᠨ  ᠳᠤ ᠠᠮᠢᠳᠤᠷᠠᠵᠤ ᠪᠠᠶᠢᠭᠰᠠᠨ ᠴᠤ ᠦᠪᠡᠷ ᠤᠨ ᠢᠶᠠᠨ ᠴᠢᠷᠮᠠᠶᠢᠨ ᠲᠡᠮᠡᠴᠡᠬᠦ ᠪᠠᠷ ᠳᠠᠮᠵᠢᠨ ᠠᠵᠢᠯ ᠦᠢᠯᠡᠰ ᠢᠶᠠᠨ ᠪᠦᠲᠦᠭᠡᠵᠤ᠂ ᠠᠯᠳᠠᠷ ᠴᠤᠯᠠ ᠪᠠᠨ ᠮᠠᠨᠳᠤᠭᠤᠯᠤᠭᠰᠠᠨ ᠶᠤᠮ᠃ ᠠᠳᠠᠯᠢ ᠪᠠᠷ ᠠᠯᠢᠪᠠ ᠳᠠᠪᠠᠭᠤᠯᠢᠭ ᠳᠠᠯ᠎ᠠ ᠶᠢ ᠪᠦᠷᠢᠳᠦᠭᠦᠯᠦᠭᠰᠡᠨ ᠪᠠᠶᠠᠨ ᠠᠶᠢᠯ ᠤᠨ ᠬᠡᠤᠬᠡᠳ ᠬᠠᠮᠤᠭ ᠤᠨ ᠡᠴᠦᠰ ᠲᠤ ᠪᠠᠨ ᠢᠯᠠᠭᠳᠠᠯ  ᠳᠤ ᠬᠦᠷᠦᠭᠰᠡᠨ ᠵᠢᠱᠢᠶ᠎ᠡ ᠴᠤ ᠭᠠᠵᠠᠷ ᠰᠠᠢ ᠦᠭᠡᠢ ᠬᠠᠷᠠᠭᠳᠠᠳᠠᠭ᠃ ᠮᠠᠰᠠᠴᠦ᠋ᠰᠧᠼ ᠵᠸᠤ ᠶᠢᠨ ᠨᠢᠭᠡ ᠲᠦᠷᠦᠯ ᠤᠨ ᠪᠦᠷᠢᠳᠬᠡᠯ ᠲᠤᠭ᠎ᠠ ᠶᠢᠨ ᠢᠯᠡᠷᠭᠡᠶᠢᠯᠡᠭᠰᠡᠨ ᠨᠢ 17 ᠶᠡᠭᠡ ᠪᠠᠶᠠᠨ ᠤ ᠦᠷ᠎ᠡ ᠬᠡᠤᠬᠡᠳ ᠤᠨ ᠲᠤᠲᠤᠷ᠎ᠠ ᠬᠠᠷᠢᠨ ᠪᠠᠶᠠᠨ ᠰᠠᠶᠠᠲᠠᠨ ᠢᠶᠠᠷ ᠢᠶᠠᠨ ᠬᠤᠷᠸ᠎ᠠ ᠶᠢ ᠤᠷᠬᠢᠭᠰᠠᠨ ᠬᠦᠮᠦᠨ ᠢᠯᠡᠷᠡᠭᠡ ᠦᠭᠡᠢ ᠪᠢᠯᠡ᠃          ᠮᠠᠰᠢ ᠡᠷᠲᠡᠨ ᠳᠤ ᠨᠡᠶᠢᠭᠡᠮ ᠳᠡᠭᠡᠷ᠎ᠡ ᠭᠤᠶᠤ ᠭᠡᠭᠡᠨᠴᠢᠷ ᠴᠢᠳᠠᠪᠤᠷᠢ ᠦᠭᠡᠢ ᠡᠷᠭᠡ ᠲᠠᠩᠬᠢ ᠠᠶᠢᠯ ᠤᠨ ᠬᠡᠤᠬᠡᠳ ᠢ ᠶᠦᠭᠡᠳᠡᠭᠰᠡᠨ ᠦᠯᠢᠭᠡᠷ ᠪᠠᠶᠢᠳᠠᠭ᠃ ᠪᠢᠯᠡᠳᠧᠨᠹᠢᠶ᠎ᠠ ᠬᠤᠲᠠ ᠶᠢᠨ ᠨᠢᠭᠡ ᠪᠠᠭ᠎ᠠ ᠠᠷᠢᠬᠢᠨ ᠮᠤᠬᠤᠯᠠᠭ ᠲᠤ ᠨᠢᠭᠡ ᠵᠤᠴᠢᠨ ᠪᠠᠶᠠᠨ ᠬᠦᠮᠦᠨ ᠤ ᠲᠤᠬᠠᠢ ᠶᠠᠷᠢᠶ᠎ᠠ ᠡᠭᠦᠰᠭᠡᠭᠰᠡᠨ ᠪᠠᠶᠢᠨ᠎ᠠ᠃ ᠲᠡᠷᠡ ᠵᠤᠴᠢᠨ ᠪᠠᠶᠠᠨ ᠬᠦᠮᠦᠨ ᠢ ᠵᠢᠷᠦᠬᠡᠨ ᠤ ᠪᠠᠨ ᠤᠭ ᠠᠴᠠ ᠪᠠᠭ᠋ᠠᠷᠬᠠᠵᠤ᠄ ︽ ᠲᠡᠷᠡ ᠪᠤᠯ ᠬᠤᠭᠤᠰᠤᠨ ᠭᠠᠷ ᠠᠴᠠ ᠪᠠᠨ ᠬᠦᠯᠵᠢᠭᠰᠡᠨ ᠪᠠᠶᠠᠨ ᠰᠠᠶᠠᠲᠠᠨ ᠮᠦᠨ ︾ ᠬᠡᠬᠦ ᠳᠤ ᠬᠠᠵᠠᠭᠤ ᠳᠤ ᠨᠢ ᠰᠤᠨᠤᠰᠴᠤ ᠪᠠᠶᠢᠭᠰᠠᠨ ᠨᠢᠭᠡᠨ ᠤᠬᠠᠭᠠᠯᠢᠭ ᠠᠪᠤᠭᠠᠢ ᠲᠡᠭᠦᠨ ᠤ ᠦᠭᠡ ᠶᠢ ᠵᠠᠯᠭᠠᠵᠤ᠄ ︽ ᠲᠡᠶᠢᠮᠦ ᠡ︕ ᠲᠡᠷᠡ 2000 ᠲᠦᠮᠡᠨ ᠲᠦᠭᠦᠷᠢᠭ  ᠤᠨ ᠶᠡᠭᠡ ᠬᠦᠷᠦᠩᠭᠡ ᠶᠢ ᠵᠠᠯᠭᠠᠮᠵᠢᠯᠠᠭᠰᠠᠨ᠂ ᠲᠠᠷᠠᠭ᠎ᠠ ᠨᠢ ᠲᠡᠷᠡ ᠡᠨᠡ ᠮᠦᠩᠭᠦ ᠪᠠᠨ 100 ᠲᠦᠮᠡ ᠪᠤᠯᠭᠠᠴᠢᠬᠠᠭᠰᠠᠨ ︾ ᠬᠡᠪᠡ᠃         ᠡᠨᠡ ᠪᠤᠯ ᠬᠦᠮᠦᠨ ᠤ ᠰᠡᠳᠬᠢᠯ ᠢ ᠭᠤᠩᠰᠤᠶᠢᠯᠭᠠᠬᠤ ᠦᠯᠢᠭᠡᠷ ᠪᠢᠯᠡ᠃ ᠬᠡᠪᠡᠴᠤ ᠮᠠᠨ ᠤ ᠤᠳᠤᠬᠢ ᠨᠡᠶᠢᠭᠡᠮ ᠳᠤ ᠪᠠᠶᠠᠨ ᠡᠷᠬᠢᠮᠲᠡᠨ ᠤ ᠦᠷ᠎ᠡ ᠬᠡᠤᠬᠡᠳ ᠤᠳ ᠶᠠᠭ ᠰᠠᠶᠢᠬᠠᠨ ᠤᠷᠤᠭᠰᠢᠯᠠᠵᠤ ᠤᠬᠤᠷᠢᠬᠤ ᠶᠢᠨ ᠳᠠᠪᠠᠭᠠᠨ ᠳᠡᠭᠡᠷᠡᠬᠢ ᠬᠦᠨᠳᠦ ᠬᠡᠴᠡᠬᠦᠤ ᠪᠠᠶᠢᠳᠠᠯ ᠳᠤ ᠲᠤᠯᠭᠠᠷᠠᠵᠤ᠂ ᠴᠦᠬᠡᠨ ᠪᠤᠰᠤ ᠨᠢ ᠬᠦᠮᠦᠰ ᠤᠨ ᠡᠨᠡᠷᠢᠯ ᠬᠦᠭᠡᠷᠦᠬᠦᠶᠢᠯᠡᠯ ᠢ ᠬᠦᠷᠳᠡᠭᠦ ᠪᠤᠯᠤᠨ᠎ᠠ᠃ ᠤᠭᠰᠠᠭ᠎ᠠ ᠲᠦᠷᠦᠯ ᠤᠨ ᠠᠯᠳᠠᠷ ᠬᠦᠨᠳᠦ ᠪᠤᠯᠤᠨ ᠬᠡᠷᠡᠯ ᠰᠠᠴᠤᠷᠠᠩᠭᠤᠢ ᠦᠩᠭᠡᠷᠡᠯᠲᠡ ᠨᠢ ᠦᠷ᠎ᠡ ᠬᠡᠤᠬᠡᠳ ᠤᠨ  ᠬᠢᠨ ᠰᠠᠶᠢᠨ ᠰᠠᠶᠢᠬᠠᠨ ᠢᠷᠡᠭᠡᠳᠦᠢ ᠶᠢ ᠲᠦᠯᠦᠭᠡᠯᠡᠵᠤ ᠴᠢᠳᠠᠬᠤ ᠦᠭᠡᠢ ᠶᠤᠮ᠃ ᠬᠡᠤᠬᠡᠳ ᠤᠨ ᠲᠠᠪᠠᠭᠤᠯᠢᠭ ᠪᠠᠶᠢᠳᠠᠯ ᠨᠢ ᠦᠨᠡᠬᠡᠷ ᠶᠡᠭᠡ ᠬᠠᠪᠰᠤᠷᠤᠯᠭ᠎ᠠ ᠪᠤᠯᠤᠨ᠎ᠠ ᠭᠡᠳᠡᠭ  ᠢ ᠪᠢ ᠮᠡᠳᠡᠷᠡᠨ᠎ᠡ᠃ ᠭᠡᠪᠡᠴᠤ ᠡᠨᠡ ᠨᠢ ᠬᠠᠮᠤᠭ ᠰᠡᠭᠦᠯᠴᠢ ᠶᠢᠨ ᠢᠯᠠᠯᠲᠠ ᠶᠢᠨ ᠪᠠᠲᠤᠯᠠᠭ᠎ᠠ ᠪᠢᠰᠢ᠃ ᠪᠠᠶᠠᠨ ᠠᠶᠢᠯ ᠤᠨ ᠦᠷ᠎ᠡ ᠬᠡᠤᠬᠡᠳ ᠲᠤ ᠠᠪᠴᠤ ᠬᠡᠯᠡᠪᠡᠯ ᠡᠮᠬᠡᠨᠢᠯᠲᠦ ᠰᠢᠨᠵᠢ ᠲᠠᠢ ᠠᠰᠠᠭᠤᠳᠠᠯ ᠢ ᠦᠩᠭᠡᠷᠡᠭᠰᠡᠨ ᠳᠤ ᠪᠢ ᠨᠢᠭᠡ ᠪᠢᠰᠢ ᠤᠳᠠᠭ᠎ᠠ ᠪᠤᠳᠤᠯᠬᠢᠯᠠᠭᠰᠠᠨ ᠶᠤᠮ᠃ ᠪᠠᠶᠠᠨ ᠠᠶᠢᠯ ᠤᠨ ᠬᠡᠤᠬᠡᠳ ᠤᠳ ᠳᠠᠪᠠᠭᠤᠯᠢᠭ ᠲᠠᠯ᠎ᠠ ᠪᠠᠨ ᠵᠠᠯᠭᠠᠮᠵᠢᠯᠠᠬᠤ ᠶᠢᠨ ᠳᠠᠭᠠᠤ ᠳᠤ ᠪᠠᠰᠠ ᠲᠡᠳᠡᠨ ᠤ ᠰᠤᠷᠤᠯᠴᠠᠬᠤ ᠪᠤᠯᠤᠨ ᠤᠷᠤᠰᠢᠨ ᠲᠤᠭᠲᠠᠨᠢᠬᠤ ᠤᠷ᠎ᠠ ᠴᠢᠳᠠᠪᠤᠷᠢ ᠨᠢ ᠪᠠᠭᠤᠷᠠᠳᠠᠭ᠃ ᠬᠠᠷᠢᠨ ᠪᠠᠭ᠎ᠠ  ᠳᠤ ᠪᠠᠨ ᠶᠠᠳᠠᠭᠤ ᠵᠦᠳᠡᠭᠦᠤ ᠠᠮᠢᠳᠤᠷᠠᠵᠤ ᠪᠠᠶᠢᠭᠰᠠᠨ ᠬᠦᠮᠦᠰ ᠦᠪᠡᠷ ᠢ ᠪᠠᠨ ᠠᠪᠤᠷᠠᠬᠤ ᠲᠤᠯᠭᠠᠮ᠎ᠠ ᠱᠠᠭᠠᠷᠳᠠᠯᠭ᠎ᠠ ᠲᠠᠢ ᠪᠠᠶᠢᠳᠠᠭ᠃ ᠲᠡᠳᠡ ᠨᠡᠷ ᠨᠡᠩ ᠢᠯᠡᠭᠦᠤ ᠢᠳᠡᠪᠬᠢᠲᠠᠢ ᠪᠠᠷ ᠪᠦᠲᠦᠭᠡᠯᠴᠢ ᠰᠡᠳᠬᠢᠬᠦᠢ ᠪᠡ ᠴᠢᠳᠠᠪᠤᠷᠢ ᠪᠠᠨ ᠪᠠᠳᠠᠷᠠᠭᠤᠯᠳᠠᠭ᠃ ᠡᠬᠦᠨ ᠤ ᠵᠡᠷᠬᠡᠴᠡᠭᠡ ᠪᠠᠷ ᠮᠠᠰᠢ ᠤᠯᠠᠨ ᠵᠠᠪᠰᠢᠶᠠᠨ ᠲᠤᠬᠢᠶᠠᠯ ᠢ ᠨᠠᠨᠳᠢᠩᠨᠠᠳᠠᠭ᠃ ᠮᠢᠨᠤ ᠤᠯᠵᠤ ᠲᠠᠨᠢᠭᠰᠠᠨ ᠨᠢ ᠪᠠᠶᠠᠨ ᠠᠶᠢᠯ ᠤᠨ ᠬᠡᠤᠬᠡᠳ ᠢ ᠶᠠᠳᠠᠭᠤ ᠠᠶᠢᠯ ᠤᠨ ᠬᠡᠤᠬᠡᠳ ᠲᠠᠢ ᠠᠳᠠᠯᠢᠳᠬᠠᠪᠠᠯ ᠦᠪᠡᠷ ᠢ ᠪᠠᠨ ᠲᠡᠩᠬᠡᠷᠡᠭᠦᠯᠬᠦ ᠵᠡᠷᠯᠢᠭ ᠰᠠᠨᠠᠭ᠎ᠠ  ᠪᠠᠷ ᠲᠤᠳᠠᠮᠠᠭ ᠪᠠᠶᠢᠳᠠᠭ᠃ ᠲᠡᠳᠡᠨᠠᠷ ᠤᠨ ᠤᠯᠠᠩᠬᠢ ᠨᠢ ᠵᠦᠪᠬᠡᠨ ᠯᠡ ᠬᠤᠷᠮᠤᠰᠳᠠ ᠲᠡᠭᠷᠢ ᠠᠴᠠ ᠠᠮᠵᠢᠯᠲᠠ ᠰᠤᠶᠤᠷᠬᠠᠨ᠎ᠠ ᠬᠡᠵᠤ ᠵᠠᠯᠪᠠᠷᠢᠳᠠᠭ᠃     
ᠢᠷᠡᠯᠲᠡ᠄ ᠬᠤᠯᠪᠤᠭ᠎ᠠ ᠪᠦᠷᠬᠡ