ᠶᠠᠷᠢᠶᠠᠨ ᠦᠭᠡᠢ ᠡᠨᠡ ᠪᠤᠯ ᠴᠢᠨᠤ ᠤᠯᠵᠠᠷᠬᠠᠵᠤ ᠭᠠᠶᠢᠬᠠᠭᠤᠯᠬᠤ ᠵᠦᠢᠯ ᠪᠢᠰᠢ ᠶᠤᠮ᠃ ᠨᠡᠩ ᠲᠠᠯᠠᠷᠬᠠᠬᠤ ᠬᠡᠷᠡᠭ ᠦᠭᠡᠢ᠃ ᠠᠮᠧᠷᠢᠺᠠ ᠶᠢᠨ ᠨᠢᠭᠡᠳᠦᠭᠰᠡᠨ | ᠤᠯᠤᠰ ᠤᠨ ᠪᠠᠶᠢᠭᠤᠯᠤᠭᠳᠠᠭᠰᠠᠨ ᠢᠳᠡᠭᠡᠯ ᠦᠨᠡᠮᠰᠢᠯ ᠪᠤᠯ ᠬᠦᠮᠦᠨ ᠪᠤᠯᠭᠠᠨ ᠲᠦᠷᠦᠮᠡᠭᠴᠡ ᠡᠷᠬᠡ ᠲᠡᠭᠰᠢ ᠪᠠᠶᠢᠳᠠᠭ᠃ ᠭᠡᠪᠡᠴᠤ ᠡᠨᠡ ᠡᠷᠭᠡ ᠲᠡᠭᠰᠢ ᠪᠤᠯ ᠡᠷᠭᠡ | ᠠᠰᠢᠭ ᠬᠠᠤᠯᠢ ᠴᠠᠭᠠᠵᠠ ᠶᠢᠨ ᠤᠳᠬ᠎ᠠ ᠠᠭᠤᠯᠭ᠎ᠠ ᠳᠡᠭᠡᠷᠡᠬᠢ ᠡᠷᠬᠡ ᠲᠡᠭᠰᠢ ᠮᠦᠨ᠃ ᠠᠵᠤ ᠠᠬᠤᠢ ᠪᠤᠯᠤᠨ ᠰᠤᠶᠤᠯ ᠪᠤᠯᠪᠠᠰᠤᠷᠠᠯ ᠤᠨ ᠳᠠᠪᠠᠭᠤᠯᠢᠭ ᠲᠠᠢ ᠬᠠᠮᠢᠶ᠎ᠠ | ᠦᠭᠡᠢ᠃ ᠪᠤᠳᠤᠵᠤ ᠦᠵᠡᠭᠡᠷᠡᠢ᠃ ᠮᠠᠨ ᠤ ᠡᠨᠡ ᠳᠡᠯᠡᠬᠡᠢ ᠪᠤᠯ ᠨᠢᠭᠡᠨ ᠦᠨᠳᠦᠷ ᠠᠭᠤᠯᠠ ᠲᠠᠢ ᠠᠳᠠᠯᠢᠬᠠᠨ ᠪᠠᠶᠢᠳᠠᠭ᠃ ᠴᠢᠨᠤ ᠠᠪᠤ ᠡᠵᠢ ᠴᠢᠨᠢ ᠡᠨᠡ ᠠᠭᠤᠯᠠ ᠶᠢᠨ | ᠤᠷᠤᠢ ᠳᠤ ᠠᠮᠢᠳᠤᠷᠠᠵᠤ ᠪᠠᠶᠢᠬᠤ ᠦᠶ᠎ᠡ ᠳᠤ ᠴᠢᠨᠤ ᠠᠭᠤᠯᠠ ᠶᠢᠨ ᠤᠷᠤᠢ ᠳᠤ ᠠᠮᠢᠳᠤᠷᠠᠬᠤ ᠠᠮᠢᠳᠤᠷᠠᠯ ᠢ ᠲᠤᠭᠳᠠᠭᠠᠵᠤ᠂ ᠴᠢᠨᠤ ᠠᠪᠤ ᠡᠵᠢ ᠴᠢᠨᠢ ᠠᠭᠤᠯᠠ ᠶᠢᠨ | ᠬᠤᠷᠮᠤᠢ ᠳᠤ ᠠᠮᠢᠳᠤᠷᠠᠵᠤ ᠪᠠᠶᠢᠬᠤ ᠦᠶ᠎ᠡ ᠳᠤ ᠪᠠᠨ ᠴᠢᠨᠤ ᠠᠭᠤᠯᠠ ᠶᠢᠨ ᠤᠷᠤᠢ ᠳᠤ ᠠᠮᠢᠳᠤᠷᠠᠬᠤ ᠦᠭᠡᠢ ᠲᠠᠪᠢᠯᠠᠩ ᠢ ᠲᠤᠭᠳᠠᠭᠠᠵᠤ ᠦᠭᠳᠡᠭ᠃ ᠤᠯᠠᠩᠬᠢ | ᠪᠠᠶᠢᠳᠠᠯ ᠲᠤᠤᠷ᠎ᠠ ᠠᠪᠤ ᠡᠵᠢ ᠶᠢᠨ ᠬᠢᠨᠢ ᠪᠠᠶᠢᠷᠢ ᠰᠠᠭᠤᠷᠢ ᠨᠢ ᠬᠡᠤᠬᠡᠳ ᠲᠤ ᠪᠠᠨ ᠬᠦᠮᠦᠨ ᠤ ᠠᠮᠢᠳᠤᠷᠠᠯ ᠤᠨ ᠡᠬᠢᠯᠡᠯᠲᠡ ᠶᠢ ᠲᠤᠭᠳᠠᠭᠠᠵᠤ ᠦᠭᠳᠡᠭ᠃ | ᠬᠦᠮᠦᠨ ᠪᠤᠯᠭᠠᠨ ᠤ ᠠᠮᠢᠳᠤᠷᠠᠯ ᠤᠨ ᠡᠬᠢᠯᠡᠯᠲᠡ ᠨᠢ ᠠᠳᠠᠯᠢ ᠪᠤᠰᠤ ᠪᠠᠶᠢᠳᠠᠭ᠃ ᠬᠡᠬᠦ ᠳᠤ ᠪᠠᠨ ᠠᠮᠢᠳᠤᠷᠠᠯ ᠤᠨ ᠬᠠᠮᠤᠭ ᠡᠴᠦᠰ ᠤᠨ ᠦᠷ᠎ᠡ ᠳ᠋ᠦᠩ ᠨᠢ ᠡᠬᠢᠯᠡᠯᠲᠡ | ᠳᠤ ᠪᠠᠨ ᠲᠦᠯᠦᠪᠰᠢᠭᠰᠡᠨ ᠵᠦᠢᠯ ᠪᠢᠰᠢ ᠶᠤᠮ᠃ ᠮᠠᠨ ᠤ ᠡᠨᠡ ᠳᠡᠯᠡᠬᠡᠢ ᠳᠡᠭᠡᠷ᠎ᠡ ᠪᠠᠶᠠᠨ ᠶᠠᠳᠠᠭᠤ ᠦᠶ᠎ᠡ ᠵᠠᠯᠭᠠᠮᠵᠢᠯᠠᠳᠠᠭ ᠦᠭᠡᠢ᠃ ᠠᠯᠳᠠᠭ᠎ᠠ ᠠᠮᠵᠢᠯᠲᠠ | ᠰᠤᠯᠪᠢᠴᠠᠳᠠᠭ ᠦᠭᠡᠢ᠃ ᠪᠠᠶᠢᠪᠠᠰᠤ ᠵᠤᠬᠢᠬᠤ ᠨᠢ ᠵᠦᠪᠬᠡᠨ ᠯᠡ᠄ ︽ ᠪᠢ ᠴᠢᠷᠮᠠᠶᠢᠨ᠎ᠠ᠃ ᠪᠢ ᠢᠯᠠᠯᠲᠠ ᠤᠯᠤᠨ᠎ᠠ᠃ ︾ ᠬᠡᠳᠡᠭ ᠦᠨᠡᠨ ᠶᠤᠰᠤ ᠯᠡ ᠪᠠᠶᠢᠳᠠᠭ᠃ | ᠪᠢᠳᠡ ᠪᠦᠬᠦᠨ ᠤ ᠬᠤᠪᠢ ᠵᠠᠶᠠᠭ᠎ᠠ ᠪᠤᠯ ᠪᠢᠳᠡ ᠪᠦᠬᠦᠨ ᠤ ᠦᠢᠯᠡ ᠠᠵᠢᠯᠯᠠᠭ᠎ᠠ ᠪᠠᠷ ᠰᠢᠢᠳᠪᠦᠷᠢᠯᠡᠭᠳᠡᠳᠡᠭ᠃ ᠬᠠᠷᠢᠨ ᠲᠡᠷᠡ ᠪᠦᠬᠦᠨ ᠢᠶᠠᠷ ᠢᠶᠠᠨ ᠮᠠᠨ ᠤ ᠪᠠᠶ᠎ᠠ ᠶᠢᠨ | ᠭᠠᠷᠤᠯ ᠠᠴᠠ ᠲᠤᠭᠲᠠᠭᠠᠭᠳᠠᠳᠠᠭ ᠦᠭᠡᠢ ᠭᠡᠳᠡᠭ ᠲᠤ ᠪᠢ ᠪᠠᠲᠤ ᠢᠲᠡᠭᠡᠳᠡᠭ᠃ | ᠶᠠᠭ ᠲᠠᠨ ᠤ ᠤᠶᠢᠯᠭᠠᠳᠠᠭ ᠰᠢᠭ ᠢᠶᠠᠷ᠂ ᠮᠢᠨᠤ ᠪᠠᠭ᠎ᠠ ᠶᠢᠨ ᠦᠶ᠎ᠡ ᠳᠤ ᠭᠡᠷ ᠤᠨ ᠠᠮᠢᠳᠤᠷᠠᠯ ᠲᠦᠢᠯ ᠤᠨ ᠶᠠᠳᠠᠭᠤ ᠵᠦᠳᠡᠬᠦᠤ ᠪᠠᠶᠢᠭᠰᠠᠨ᠂ ᠴᠡᠭᠡᠵᠢᠯᠡᠵᠤ | ᠪᠠᠶᠢᠬᠤ ᠪᠠᠷ ᠨᠠᠮ᠎ᠠ ᠶᠢ ᠰᠠᠶ᠋ᠢ ᠲᠤᠮᠳᠠᠲᠤ ᠰᠤᠷᠭᠠᠭᠤᠯᠢ ᠶᠢᠨ ᠪᠤᠱᠤᠭ᠎ᠠ ᠶᠢ ᠠᠯᠬᠤᠬᠤ ᠳᠤ ᠠᠯᠢᠪᠠ ᠨᠤᠮ ᠪᠢᠴᠢᠭ ᠢ ᠮᠢᠨᠢ ᠰᠠᠶᠢᠨ ᠰᠠᠨᠠᠭᠠᠲᠤ ᠰᠠᠭᠠᠬᠠᠯᠠᠲᠠ ᠮᠢᠨᠢ | ᠬᠤᠳᠠᠯᠳᠤᠨ ᠠᠪᠴᠤ ᠦᠭᠭᠦᠭᠰᠡᠨ ᠶᠤᠮ᠃ ᠮᠢᠨᠤ ᠠᠮᠢᠳᠤᠷᠠᠯ ᠤᠨ ᠡᠬᠢᠨ ᠤ ᠭᠠᠷᠤᠭ᠎ᠠ ᠪᠤᠯ ᠵᠦᠪᠭᠡᠨ ᠯᠡ ᠨᠢᠬᠡ ᠭᠠᠷᠠᠭ ᠤᠨ ᠬᠦᠯᠦᠰᠦ ᠤᠯᠭᠤᠮᠵᠢ 5 ᠳ᠋ᠤᠯᠯᠠᠷ ᠤᠨ | ᠳᠠᠩᠰᠠ ᠲᠡᠮᠳᠡᠭᠯᠡᠭᠴᠢ ᠶᠢᠨ ᠠᠵᠢᠯ ᠯᠡ ᠶᠤᠮ᠃ ᠭᠡᠪᠡᠴᠦ ᠪᠢ ᠦᠪᠡᠷ ᠤᠨ ᠢᠶᠠᠨ ᠰᠢᠨᠲᠠᠷᠠᠰᠢ ᠦᠭᠡᠢ ᠴᠢᠷᠮᠠᠶᠢᠯᠭ᠎ᠠ ᠪᠠᠷ ᠲᠠᠮᠵᠢᠭᠠᠳ ᠬᠦᠮᠦᠨ ᠪᠤᠯᠭᠠᠨ ᠤ ᠪᠠᠭ᠋ᠠᠷᠬᠠᠯ | ᠢ ᠲᠠᠲᠠᠭᠰᠠᠨ ᠴᠢᠯᠠᠭᠤᠨ ᠲᠤᠰᠤᠨ ᠤ ᠸᠠᠩᠲᠤ ᠤᠯᠤᠰ ᠢ ᠴᠤᠭᠴᠠᠯᠠᠨ ᠪᠠᠶᠢᠭᠤᠯᠤᠭᠰᠠᠨ ᠶᠤᠮ᠃ ᠦᠷᠦᠬᠡᠯ ᠪᠤᠰᠤᠳ ᠤᠨ ᠦᠵᠡᠬᠦ ᠪᠠᠷ ᠡᠨᠡ ᠪᠤᠯ ᠨᠢᠬᠡᠨ ᠦᠯᠢᠭᠡᠷ | ᠳᠤᠮᠤᠭ ᠮᠡᠳᠦ᠃ ᠭᠡᠪᠡᠴᠤ ᠡᠨᠡ ᠨᠢ ᠮᠢᠨᠤ ᠤᠶᠢᠭ᠎ᠠ ᠦᠭᠡᠢ ᠬᠦᠳᠡᠯᠮᠦᠷᠢ᠂ ᠴᠦᠭᠦᠷᠡᠰᠢ ᠦᠭᠡᠢ ᠴᠢᠷᠮᠠᠶᠢᠯᠭ᠎ᠠ ᠶᠢᠨ ᠮᠢᠨᠢ ᠠᠴᠢ ᠬᠠᠷᠢᠭᠤᠯᠲᠠ ᠶᠤᠮ᠃ ᠬᠦᠴᠢᠷ ᠤᠨ | ᠡᠮᠦᠨ᠎ᠡ ᠬᠦᠯ ᠨᠤᠭᠤᠷᠠᠳᠠᠭ ᠦᠭᠡᠢ᠂ ᠪᠡᠷᠬᠡᠰᠢᠶᠡᠯ ᠤᠨ ᠡᠮᠦᠨ᠎ᠡ ᠪᠡᠶ᠎ᠡ ᠪᠦᠬᠦᠶᠢᠳᠡᠭ ᠦᠭᠡᠢ ᠠᠴᠠ ᠬᠤᠪᠢ ᠵᠠᠶᠠᠭᠠᠨ ᠤ ᠰᠠᠬᠢᠭᠤᠰᠤ ᠠᠴᠠ ᠨᠠᠳᠠ ᠳᠤ ᠢᠪᠡᠬᠡᠨ | ᠬᠦᠷᠲᠡᠭᠡᠭᠰᠡᠨ ᠪᠠᠶᠢᠭ᠎ᠠ ᠶᠤᠮ᠃ |