ᠵᠤᠨ᠂ ᠷᠤᠺᠹᠧᠯ ᠶᠢᠨ ᠬᠦᠤ ᠳᠤ ᠪᠠᠨ ᠪᠢᠴᠢᠭᠰᠡᠨ 38 ᠵᠠᠬᠢᠲᠠᠯ ᠤᠨ ᠨᠢᠭᠡᠳᠦᠭᠡᠷ ᠵᠠᠬᠢᠲᠠᠯ᠄ | ᠡᠬᠢᠯᠡᠯᠲᠡ ᠨᠢ ᠲᠡᠭᠦᠰᠭᠡᠯ ᠢᠶᠠᠨ ᠲᠤᠭᠳᠠᠭᠠᠬᠤ ᠦᠭᠡᠢ | | ᠬᠠᠶᠢᠷᠠᠲᠤ ᠵᠤᠨ ᠮᠢᠨᠢ᠄ | ᠠᠯᠤᠰ ᠠᠶᠠᠯᠠᠯ ᠤᠨ ᠡᠬᠢᠯᠡᠯᠲᠡ ᠲᠡᠭᠦᠰᠭᠡᠯ ᠳᠤ ᠴᠢ ᠪᠦᠷ ᠯᠡ ᠠᠪᠤ ᠲᠠᠢ ᠪᠠᠨ ᠬᠠᠮᠲᠤ ᠪᠠᠶᠢᠬᠤ ᠶᠢ ᠬᠦᠰᠡᠳᠡᠭ᠃ ᠬᠡᠳᠦᠶᠢᠪᠡᠷ ᠰᠤᠨᠤᠰᠬᠤ ᠳᠤ ᠶᠡᠭᠡ | ᠵᠦᠭᠡᠷᠬᠡᠨ ᠪᠤᠯᠪᠠᠴᠤ ᠪᠢ ᠦᠨᠢ ᠡᠭᠦᠷᠢᠳᠡ ᠴᠢᠨᠤ ᠤᠩᠭᠤᠴᠠᠨ ᠳᠠᠷᠤᠭ᠎ᠠ ᠪᠠᠶᠢᠵᠤ ᠴᠢᠳᠠᠬᠤ ᠦᠭᠡᠢ᠃ ᠳᠡᠭᠡᠲᠦ ᠲᠡᠭᠷᠢ ᠪᠢᠳᠡᠨ ᠳᠤ ᠬᠤᠶᠠᠷ ᠬᠦᠯ ᠰᠤᠶᠤᠷᠬᠠᠭᠰᠠᠨ᠂ | ᠪᠢᠳᠡ ᠲᠡᠬᠦᠨ ᠳᠤ ᠪᠠᠨ ᠲᠦᠰᠢᠵᠤ ᠦᠪᠡᠷ ᠤᠨ ᠵᠠᠮ ᠢᠶᠠᠨ ᠶᠠᠪᠤᠬᠤ ᠶᠤᠰᠤᠲᠠᠢ᠃ | ᠭᠠᠭᠴᠠᠭᠠᠷ ᠢᠶᠠᠨ ᠤᠷᠤᠭᠰᠢᠯᠠᠬᠤ ᠨᠢ ᠮᠠᠭᠠᠳ ᠦᠭᠡᠢ ᠴᠢᠨᠦ ᠢᠷᠡᠭᠡᠳᠦᠢ ᠳᠤ ᠪᠠᠨ ᠪᠡᠯᠡᠳᠦᠭᠰᠡᠨ ᠪᠡᠯᠡᠳᠬᠡᠯ ᠪᠠᠶᠢᠵᠤ ᠮᠡᠳᠡᠨ᠎ᠡ᠃ ᠬᠡᠪᠡᠴᠦ ᠲᠠ ᠨᠢᠭᠡ ᠵᠦᠢᠯ ᠢ | ᠮᠡᠳᠡᠬᠦ ᠴᠢᠬᠤᠯᠠᠲᠠᠢ ᠮᠠᠨ ᠤ ᠤᠷᠤᠰᠢᠵᠤ ᠪᠠᠶᠢᠭ᠎ᠠ ᠠᠷᠠᠯᠵᠢᠶ᠎ᠠ ᠬᠤᠳᠠᠯᠳᠤᠭᠠᠨ ᠤ ᠳᠡᠯᠡᠬᠡᠢ ᠪᠤᠯ ᠦᠷᠢᠰᠦᠯᠳᠦᠭᠡᠨ ᠪᠤᠯᠤᠨ ᠬᠠᠴᠢᠨ ᠭᠠᠶᠢᠬᠠᠮᠰᠢᠭ ᠢᠶᠠᠷ ᠪᠢᠯᠬᠠᠮ᠎ᠠ | ᠪᠠᠶᠢᠳᠠᠭ᠃ ᠴᠢᠨᠤ ᠰᠢᠨ᠎ᠡ ᠠᠮᠢᠳᠤᠷᠠᠯ ᠬᠠᠷᠢᠨ ᠲᠡᠨᠳᠡ ᠠᠴᠠ ᠡᠬᠢᠯᠡᠨ᠎ᠡ᠃ ᠳᠡᠨᠳᠡ ᠴᠢ ᠪᠦᠷᠢᠮᠰᠦᠨ ᠲᠠᠨᠢᠯ ᠪᠤᠰᠤ ᠮᠦᠷᠲᠡᠬᠡᠨ ᠢᠷᠡᠬᠡᠳᠦᠢ ᠲᠠᠢ ᠤᠶᠠᠯᠳᠤᠭᠰᠠᠨ | ᠬᠦᠮᠦᠨ ᠤ ᠠᠮᠢᠳᠤᠷᠠᠯ ᠤᠨ ᠶᠡᠭᠡ ᠳᠠᠶᠢᠯᠠᠭᠠ ᠳᠤ ᠤᠷᠤᠯᠴᠠᠬᠤ ᠪᠤᠯᠤᠨ᠎ᠠ᠃ ᠴᠢᠨᠤ ᠬᠤᠪᠢ ᠳᠤ ᠡᠮᠦᠨ᠎ᠡ ᠴᠢᠨᠢ ᠪᠠᠶᠢᠭ᠎ᠠ ᠡᠨᠡ ᠬᠢᠲᠤᠭ᠎ᠠ ᠰᠡᠷᠡᠭᠡ ᠶᠢ ᠶᠠᠭᠠᠬᠢᠵᠤ | ᠬᠡᠷᠡᠭᠯᠡᠬᠦ᠂ ᠬᠤᠪᠢ ᠵᠠᠶᠠᠭᠠᠨ ᠤ ᠳᠡᠬᠢᠨᠢ ᠠᠴᠠ ᠴᠢᠮ᠎ᠠ ᠳᠤ ᠡᠷᠬᠦᠨ ᠪᠠᠷᠢᠭᠰᠠᠨ ᠲᠦᠷᠦᠯ ᠪᠦᠷᠢ ᠶᠢᠨ ᠵᠠᠭᠤᠰᠢ ᠶᠢ ᠬᠡᠷᠬᠢᠨ ᠠᠮᠲᠠᠷᠬᠠᠨ ᠠᠮᠰᠠᠬᠤ ᠨᠢ ᠪᠦᠷᠢᠮᠰᠦᠨ | ᠴᠢᠮ᠎ᠠ ᠳᠤ ᠲᠦᠰᠢᠭᠯᠡᠨ᠎ᠡ᠃ | ᠶᠠᠷᠢᠶᠠᠨ ᠦᠭᠡᠢ ᠢᠷᠡᠭᠡᠳᠦᠢ ᠳᠤ ᠪᠢ ᠴᠢᠨᠤ ᠤᠯᠠᠨ ᠠᠴᠠ ᠪᠠᠨ ᠤᠷᠤᠶᠢᠯᠠᠬᠤ ᠶᠢ ᠬᠦᠰᠡᠵᠤ ᠪᠠᠶᠢᠨ᠎ᠠ᠃ ᠡᠭᠦᠨ ᠢᠶᠠᠷ ᠦᠯᠦ ᠪᠠᠷᠠᠮ ᠨᠠᠳᠠ ᠲᠠᠢ | ᠬᠠᠷᠢᠴᠠᠭᠤᠯᠪᠠᠯ ᠨᠡᠩ ᠦᠨᠳᠦᠷ ᠳᠡᠰ ᠲᠤ ᠬᠢᠯᠠᠷᠠᠭᠠᠷᠠᠢ︕ ᠪᠢ ᠴᠢᠮ᠎ᠠ ᠶᠢ ᠦᠪᠡᠷ ᠤᠨ ᠢᠶᠠᠨ ᠬᠠᠵᠠᠭᠤ ᠳᠤ ᠦᠯᠡᠳᠡᠭᠡᠬᠦ ᠪᠠᠷ ᠰᠢᠢᠳᠦᠭᠰᠡᠨ ᠨᠢ ᠭᠠᠭᠴᠠ ᠯᠡ ᠴᠢᠨᠤ | ᠠᠵᠢᠯ ᠠᠮᠢᠳᠤᠷᠠᠯᠭ᠎ᠠ ᠶᠢ ᠨᠢᠭᠡᠨ ᠦᠨᠳᠦᠷ ᠡᠬᠢᠯᠡᠯᠲᠡ ᠶᠢᠨ ᠴᠡᠭ ᠲᠤ ᠪᠠᠶᠢᠯᠭᠠᠵᠤ᠂ ᠴᠢᠮ᠎ᠠ ᠶᠢ ᠭᠡᠷᠡᠭ ᠦᠭᠡᠢ ᠬᠦᠴᠢᠷ ᠪᠡᠷᠬᠡᠰᠢᠶᠡᠯ ᠠᠴᠠ ᠬᠡᠲᠦᠯᠡᠬᠦᠯᠵᠤ ᠲᠦᠭᠦᠮ | ᠪᠤᠯᠬᠤᠶᠢᠴᠠ ᠨᠦᠭᠦᠴᠡᠯ ᠲᠠᠢ ᠮᠠᠰᠢ ᠬᠤᠷᠳᠤᠨ ᠦᠭᠡᠳᠡᠯᠡᠨ ᠬᠦᠭᠵᠢᠬᠦ ᠠᠵᠠ ᠲᠤᠬᠢᠶᠠᠯ ᠢ ᠤᠯᠭᠤᠬᠤ ᠶᠢᠨ ᠲᠦᠯᠦᠭᠡ ᠶᠤᠮ᠃ |