ᠨᠠᠮᠤᠷ ᠤᠨ ᠪᠤᠷᠤᠭᠠᠨ ᠤ ᠰᠤᠭᠳᠤᠭᠤᠷᠠᠯ ︵ᠨᠢᠭᠡ︶
ᠨᠡᠶᠢᠲᠡᠯᠡᠭᠰᠡᠨ ᠴᠠᠭ᠄
2024/12/9
                                ᠪᠤᠷᠵᠢᠬᠢᠨ ᠤᠯᠠᠭᠠᠨᠳᠤᠶᠠᠭ᠎ᠠ         ᠨᠠᠮᠤᠷ ᠤᠨ ᠪᠤᠷᠤᠭᠠᠨ ᠤ ᠰᠡᠯᠡᠬᠦᠭᠡᠨ ᠵᠠᠢ ᠳᠤ᠂ ᠨᠠᠶᠢᠷᠠᠭ ᠰᠢᠯᠤᠭ᠌ ᠶᠠᠭ ᠯᠡ ᠦᠡᠭᠭᠡᠷᠡᠭᠡᠤᠨ ᠤᠤᠡᠬᠤ ᠪᠤᠷᠤᠭᠠᠨ ᠤ ᠤᠰᠤ ᠮᠡᠳᠤ ᠲᠤᠱ ᠲᠤᠱ ᠲᠤᠰᠤᠯᠠᠵᠤ ᠯᠡ ᠪᠠᠶᠢᠨ᠎ᠠ᠂ ᠨᠠᠶᠢᠷ ᠦᠭᠡᠢ ᠬᠠᠶᠠᠭᠠᠤᠨ ᠶᠠᠪᠤᠬᠤ ᠤᠯᠠᠷᠢᠯ ᠤᠨ ᠡᠭᠡᠯᠵᠢᠯᠡᠯ ᠳᠤ ᠨᠠᠶᠢᠷᠠᠭ ᠰᠡᠤᠨᠬᠢᠯ᠂ ᠬᠤᠷᠢᠶᠠᠯᠳᠠ ᠪᠠᠶᠠᠷ ᠢ ᠠᠴᠢᠭᠰᠡᠨ ᠨᠠᠯᠠᠭᠠᠷᠬᠠᠨ ᠰᠠᠶᠢᠬᠠᠨ ᠨᠠᠮᠤᠷ ᠨᠠᠶᠢᠷᠳᠠᠢ ᠬᠠᠶᠢᠷᠠᠳᠠᠢ ᠬᠦᠮᠤᠨ ᠠᠴᠠ ᠰᠠᠯᠵᠤ ᠶᠠᠳᠠᠵᠤ ᠪᠠᠶᠢᠭ᠎ᠠ ᠰᠢᠭ ᠡᠭᠡᠨᠡᠭᠰᠢᠭᠡᠤᠨ ᠪᠠᠶᠢᠬᠤ ᠨᠢ᠂ ᠡᠰᠡᠪᠡᠯ ᠰᠢᠷᠭᠠᠯᠳᠤᠨ ᠤᠶᠠᠷᠠᠭᠰᠠᠨ ᠰᠢᠷᠭᠠᠯ ᠨᠠᠪᠴᠢ ᠶᠢ ᠨᠠᠮᠤᠷ  ᠤᠨ ᠪᠤᠷᠤᠭᠠᠨ ᠤ ᠤᠮᠳᠠᠯᠠᠯ ᠢᠶᠠᠷ ᠲᠠᠶᠢᠤᠡᠬᠤᠷᠠᠭᠤᠯᠵᠤ ᠪᠠᠶᠢᠬᠤ ᠨᠢ ᠪᠢᠵᠡ᠃        ᠨᠠᠮᠤᠷ ᠤᠨ ᠪᠤᠷᠤᠭᠠᠨ ᠤ ᠨᠠᠮᠤᠭᠤᠬᠠᠨ ᠠᠶᠢᠵᠠᠮ  ᠳᠤ᠂ ᠭᠠᠭᠴᠠᠭᠠᠷ ᠨᠢᠭᠡ ᠠᠯᠬᠤᠯᠠᠵᠤ ᠶᠠᠪᠤᠬᠤ ᠰᠡᠨ᠂ ᠪᠦᠷᠬᠦᠭ ᠲᠡᠭᠷᠢ ᠡᠬᠦᠯᠡᠰᠢᠵᠤ ᠪᠤᠷᠤᠭᠠᠨ ᠤᠷᠤᠵᠤ ᠪᠠᠶᠢᠭ᠎ᠠ ᠴᠤ᠂ ᠪᠤᠳᠤᠯ ᠰᠡᠤᠨᠬᠢᠯ ᠳᠤ ᠮᠢᠨᠢ ᠲᠤᠩᠭᠠᠯᠠᠭᠰᠢᠭᠠᠤᠨ ᠪᠠᠶᠢᠬᠤ ᠨᠢ ᠡ᠂ ᠪᠤᠳᠤᠯ ᠤᠨ ᠦᠨᠳᠤᠷ ᠲᠤ ᠮᠠᠴᠤᠵᠤ᠂ ᠪᠤᠷᠤ ᠲᠤᠭᠤᠰᠤ ᠶᠢ ᠲᠤᠩᠭᠠᠵᠤ ᠪᠠᠶᠢᠬᠤ  ᠠᠴᠠ ᠶᠤᠮ ᠤᠤ︖ ᠢᠨᠢᠶᠡᠳᠤ ᠪᠠᠶᠠᠷᠯᠠᠯ᠂ ᠠᠭᠤᠴᠢᠯᠡᠯ ᠤᠶᠢᠯᠠᠭᠠᠯᠴᠡᠯ ᠰᠡᠤᠨᠬᠢᠯ ᠤᠨ ᠬᠤᠭ ᠲᠤᠭᠤᠰᠤ ᠶᠢ ᠦᠨᠤᠳᠤᠷ ᠤᠨ ᠪᠤᠷᠤᠭᠠᠨ ᠰᠢᠭ ᠠᠷᠴᠢᠭᠠᠤᠨ ᠪᠠᠶᠢᠬᠤ  ᠨᠢ ᠡ᠃ ᠲᠠᠯᠳᠠᠷᠢᠵᠤ ᠰᠦᠬᠦᠷᠡᠭᠡᠤᠨ ᠪᠠᠶᠢᠪᠡᠯ ᠬᠠᠳᠠᠭᠤᠷᠠᠭᠠᠤᠨ ᠪᠠᠶᠢᠳᠠᠭ ᠬᠤᠷᠸ᠎ᠠ᠂ ᠲᠠᠭᠠᠷᠢᠵᠤ ᠲᠤᠯᠤᠭᠠᠤᠨ ᠪᠠᠶᠢᠪᠡᠯ ᠵᠦᠭᠡᠯᠡᠷᠡᠭᠡᠤᠨ ᠪᠠᠶᠢᠳᠠᠭ ᠬᠤᠷᠸ᠎ᠠ ᠳᠤ ᠨᠠᠮᠤᠷ ᠤᠨ ᠪᠤᠷᠤᠭᠠᠨ ᠨᠠᠳᠠ ᠳᠤ ᠨᠢᠭᠡ ᠶᠠᠭᠤᠮ᠎ᠠ ᠰᠢᠪᠡᠨᠡᠭᠡᠤᠨ ᠪᠠᠶᠢᠳᠠᠭ ᠨᠢ᠃   
ᠢᠷᠡᠯᠲᠡ᠄ ᠬᠤᠯᠪᠤᠭ᠎ᠠ ᠪᠦᠷᠬᠡ