ᠪᠠᠯᠭᠠᠷᠭᠤᠣᠯ ᠪᠠᠯᠭᠠᠰᠣ ᠠᠴᠠ ᠣᠮᠠᠷᠠᠰᠢ ᠠᠷᠪᠠᠭᠠᠳ ᠭᠠᠵᠠᠷ ᠠᠶᠠᠯᠠᠪᠠᠯ ᠬᠠᠪᠴᠠᠭᠠᠢ ᠶᠢᠨ ᠵᠣᠭᠠᠴᠠᠯ ᠤᠨ ᠭᠠᠵᠠᠷ ᠲᠤ ᠬᠥᠷᠥᠨ᠎ᠡ᠃ ᠬᠡᠪᠴᠢᠶ᠎ᠡ ᠪᠠᠷ ᠲᠡᠳᠥᠢ | ᠶᠡᠭᠡ ᠪᠢᠰᠢ ᠪᠣᠯᠪᠠᠴᠣ ᠡᠯᠡᠰᠥᠷᠬᠡᠭ ᠣᠷᠣᠨ ᠤ ᠣᠨᠴᠠᠯᠢᠭ ᠰᠢᠨᠵᠢ᠂ ᠨᠡᠭᠦᠳᠡᠯ ᠠᠮᠢᠳᠣᠷᠠᠯ ᠤᠨ ᠥᠨᠥᠷ ᠠᠮᠲᠠ᠂ ᠣᠷᠭᠤᠮᠠᠯ ᠤᠨ ᠪᠥᠷᠬᠦᠴᠡ᠂ ᠣᠰᠣᠨ ᠤ ᠣᠷᠣᠰᠬᠠᠯ | ᠵᠡᠷᠭᠡ ᠪᠠᠷ ᠢᠶᠠᠨ ᠲᠣᠪᠣᠶᠢᠮ᠎ᠠ ᠣᠨᠴᠠᠯᠠᠭᠳᠠᠬᠤ ᠲᠤᠯᠠ ᠵᠣᠭᠠᠴᠠᠯ ᠤᠨ ᠬᠤᠶᠠᠳᠠᠭᠴᠢ ᠡᠳᠥᠷ ᠤᠨ ᠢᠶᠠᠨ ᠡᠬᠢᠨ ᠤ ᠴᠢᠭ ᠪᠣᠯᠭᠠᠵᠣ᠂ ᠣᠰᠣᠨ ᠲᠡᠭᠡᠷ᠎ᠡ ᠬᠥᠪᠪᠥᠬᠦ᠂ | ᠢᠰᠡᠭᠡᠢ ᠪᠥᠷᠢᠶᠡᠰᠥ ᠲᠠᠢ ᠮᠣᠩᠭᠤᠯ ᠭᠡᠷ ᠢᠶᠠᠷ ᠣᠷᠣᠵᠣ ᠠᠶᠢᠷᠠᠭ ᠲᠠᠷᠠᠭ ᠠᠮᠰᠠᠬᠤ ᠵᠡᠷᠭᠡ ᠳᠤ ᠪᠠᠭᠠᠬᠠᠨ ᠴᠠᠭ ᠢ ᠵᠠᠷᠣᠴᠠᠭᠤᠯᠣᠭᠠᠳ ᠰᠡᠭᠦᠯᠴᠢ ᠶᠢᠨ ᠥᠷᠲᠡᠭᠡ | ᠪᠣᠯᠬᠤ ᠣᠯᠠᠭᠠᠨ ᠣᠲᠠᠢ ᠵᠦᠭ ᠠᠶᠠᠨ ᠤ ᠵᠢᠯᠣᠭᠤ ᠪᠠᠨ ᠵᠠᠯᠠᠭᠰᠠᠨ ᠪᠠᠶᠢᠵᠣ ᠪᠢᠯᠡ᠃ ᠪᠠᠯᠭᠠᠷᠭᠤᠣᠯ ᠠᠴᠠ ᠪᠠᠷᠠᠭᠤᠨᠰᠢ ᠵᠢᠷᠠ ᠭᠠᠷᠣᠢ ᠺᠢᠯᠤᠮᠧᠲᠷ ᠵᠠᠶᠢᠲᠠᠢ ᠪᠠᠶᠢᠭ᠎ᠠ | ᠰᠢᠷ᠎ᠠ ᠶᠢᠨ ᠱᠠᠰᠢᠨ ᠤ ᠣᠯᠠᠭᠠᠨ᠂ ᠰᠢᠷ᠎ᠠ᠂ ᠬᠥᠬᠡ᠂ ᠨᠣᠭᠤᠭᠠᠨ᠂ ᠴᠠᠭᠠᠨ ᠲᠠᠪᠣᠨ ᠥᠩᠭᠡ ᠶᠢᠨ ᠣᠲᠠᠢ ᠶᠢᠨ ᠨᠢᠭᠡ ᠨᠢ ᠪᠣᠯᠬᠤ ᠣᠯᠠᠭᠠᠨ ᠣᠳᠠᠢ ᠨᠢ ᠰᠥᠮ᠎ᠡ | ᠬᠡᠶᠢᠳ᠂ ᠣᠪᠣᠭ᠎ᠠ ᠬᠠᠶᠢᠷᠬᠠᠨ ᠵᠡᠷᠭᠡ ᠣᠨᠴᠠᠯᠢᠭᠲᠣ ᠵᠥᠢᠯᠡᠰ ᠢᠶᠠᠷ ᠢᠶᠠᠨ ᠬᠥᠮᠥᠰ ᠤᠨ ᠠᠩᠬᠠᠷᠣᠯ ᠳᠤ ᠬᠥᠷᠥᠨ᠎ᠡ᠃ ᠣᠯᠠᠭᠠᠨ ᠣᠲᠠᠢ ᠨᠢ ᠲᠡᠭᠡᠷ᠎ᠡ ᠵᠠᠭᠤᠨ ᠤ | ᠣᠷᠤᠭ᠎ᠠ ᠪᠣᠰᠤᠭ᠎ᠠ ᠣᠨ ᠵᠢᠯ ᠤᠳ ᠲᠤ ᠬᠦᠨᠳᠦ ᠰᠥᠷᠡᠬᠡᠢ ᠡᠪᠲᠡᠭᠳᠡᠯ ᠳᠤ ᠣᠴᠠᠷᠠᠭᠰᠠᠨ ᠪᠣᠯᠪᠠᠴᠥ 2006 ᠣᠨ ᠠᠴᠠ ᠳᠠᠬᠢᠨ ᠰᠡᠯᠪᠢᠨ ᠵᠠᠰᠠᠵᠣ ᠪᠦᠲᠥᠭᠡᠨ | ᠪᠠᠶᠢᠭᠤᠯᠣᠭᠰᠠᠨ ᠠᠴᠠ ᠴᠤᠭ ᠰᠥᠯᠳᠡ ᠬᠠᠷᠠᠬᠠᠨ ᠪᠠᠳᠠᠷᠠᠩᠭᠤᠢ ᠪᠣᠯᠣᠭᠰᠠᠨ ᠨᠢ ᠳᠣᠳᠣᠷᠬᠠᠢ ᠬᠠᠷᠠᠭᠳᠠᠨ᠎ᠠ᠃ | ᠥᠵᠥᠮᠥᠴᠢᠨ ᠨᠣᠲᠤᠭ ᠤᠨ ᠲᠣᠨᠣᠷᠣᠭᠰᠠᠨ ᠨᠠᠷᠠᠨ ᠳᠤ ᠢᠪᠡᠭᠡᠭᠳᠡᠨ᠂ ᠲᠣᠩᠭᠠᠯᠠᠭ ᠠᠭᠠᠷ ᠢ ᠬᠥᠯᠬᠦᠨ᠂ ᠥᠩᠭᠡᠲᠥ ᠴᠡᠴᠡᠭ ᠢ ᠪᠠᠭ᠋ᠠᠷᠬᠠᠨ᠂ ᠥᠷᠭᠡᠨ | ᠰᠠᠷᠠᠭᠤᠯ ᠢ ᠰᠣᠨᠢᠷᠬᠠᠭᠰᠠᠨ ᠠᠶᠠᠯᠠᠯ ᠵᠣᠭᠠᠴᠠᠯ ᠮᠠᠨᠢ ᠡᠶᠢᠨᠬᠦ ᠰᠣᠨᠣᠮᠠ ᠬᠤᠶᠠᠷ ᠡᠳᠥᠷ ᠪᠠᠴᠢᠮ ᠶᠠᠭᠠᠷᠠᠯᠲᠠᠢ ᠴᠤ ᠬᠥᠭ ᠠᠶᠢᠵᠠᠮ ᠵᠣᠬᠢᠴᠠᠩᠭᠤᠢ ᠶᠠᠪᠣᠭᠳᠠᠭᠠᠳ | ᠭᠠᠨᠵᠤᠭ᠎ᠠ ᠲᠥᠭᠦᠷᠡᠩ ᠪᠣᠴᠠᠭᠰᠠᠨ ᠭᠡᠳᠡᠭ ᠢᠶᠠᠨ ᠲᠠᠬᠢᠨᠲᠠ ᠣᠨᠴᠠᠯᠠᠬᠤ ᠳᠤ ᠣᠷᠮᠠᠲᠠᠢ ᠪᠠᠶᠢᠬᠤ ᠶᠢ ᠥᠵᠡᠬᠦ ᠮᠡᠷᠭᠡᠳ ᠣᠶᠢᠯᠭᠠᠬᠤ ᠪᠢᠵᠡ᠃ |