ᠰᠢᠯᠦᠭ᠄ ᠪᠦᠷᠢᠨ᠋ᠥ᠌ᠯᠵᠡᠢ | ᠠᠶ᠎ᠠ᠄ ᠰᠡᠴᠡᠨᠴᠣᠭᠲᠤ | ᠰᠠ᠊᠂ ᠤᠶᠠᠩᠭ᠎ᠠ ᠳᠠᠭᠤᠯᠠᠨ᠎ᠠ | | | | | ᠴᠠᠬᠢᠯᠳᠠᠭ ᠤᠨ ᠴᠡᠴᠡᠭ ᠨᠢ ᠴᠡᠩᠬᠡᠷᠯᠡᠭᠡᠳ ᠳᠠᠯᠠᠢ ᠪᠣᠯᠣᠭᠰᠠᠨ ᠬᠠᠪᠤᠷ ᠲᠠᠢ | ᠴᠠᠭ᠎ᠠ ᠠᠶᠢᠷᠠᠭ ᠨᠢ ᠬᠥᠭᠡᠰᠦᠷᠡᠭᠡᠳ ᠨᠠᠭᠠᠳᠤᠮ ᠨᠠᠷᠭᠢᠭᠰᠠᠨ ᠵᠤᠨ ᠲᠠᠢ | ᠬᠤᠷᠠᠭᠠᠨ ᠤ ᠰᠡᠭᠦᠯ ᠨᠢ ᠳᠠᠯᠠᠯᠤᠭᠠᠳ ᠬᠤᠨ ᠨᠢ ᠪᠤᠴᠠᠭᠰᠠᠨ ᠨᠠᠮᠤᠷ ᠲᠠᠢ | ᠲᠤᠯᠭᠠᠨ ᠤ ᠭᠠᠯ ᠨᠢ ᠢᠯᠴᠢᠭᠢᠨᠡᠭᠡᠳ ᠲᠣᠭᠤᠨᠣ ᠨᠢ ᠴᠠᠩᠲᠤᠭᠰᠠᠨ ᠡᠪᠦᠯ ᠲᠠᠢ | ᠠᠢ ᠭᠦ᠋ ᠵᠧ ᠭᠦ᠋ ᠠᠩᠭᠢᠷ ᠪᠠᠭ᠎ᠠ ᠶᠢᠨ ᠨᠤᠲᠤᠭ ᠡ | ᠪᠤᠷᠬᠠᠨ ᠥᠷᠥᠰᠢᠶᠡᠵᠦ ᠲᠡᠭᠷᠢ ᠢᠪᠡᠭᠡᠭᠰᠡᠨ ᠤᠳᠤᠮ ᠤᠨ ᠳᠠᠭᠰᠢᠨ ᠣᠷᠣᠨ | ᠪᠣᠳᠣᠯ ᠴᠡᠯᠮᠡᠭᠡᠵᠦ ᠤᠬᠠᠭᠠᠨ ᠤᠨᠳᠤᠷᠤᠭᠤᠯᠤᠭᠰᠠᠨ ᠠᠰᠢᠳᠠ ᠶᠢᠨ ᠵᠠᠶᠠᠭᠠᠲᠤ ᠥᠯᠥᠭᠡᠢ | ᠬᠤᠷᠠᠭ᠎ᠠ ᠢᠰᠢᠭᠡ ᠨᠢ ᠮᠠᠶᠢᠯᠠᠯᠳᠤᠭᠠᠳ ᠰᠦ ᠢᠪᠢᠯᠦᠭᠰᠡᠨ ᠲᠠᠯ᠎ᠠ ᠲᠠᠢ | ᠬᠡᠦᠬᠡᠳ ᠪᠠᠭᠠᠴᠤᠳ ᠨᠢ ᠬᠥᠭᠡᠷᠦᠯᠳᠦᠭᠡᠳ ᠬᠠᠶᠢᠷ᠎ᠠ ᠮᠡᠯᠮᠡᠯᠵᠡᠭᠰᠡᠨ ᠭᠤᠣᠯ ᠲᠠᠢ | ᠠᠭᠤᠯᠠ ᠶᠢᠨ ᠪᠤᠭᠤ ᠨᠢ ᠤᠷᠤᠮᠳᠠᠭᠠᠳ ᠡᠭᠡᠰᠢᠭ ᠬᠥᠭᠯᠡᠭᠰᠡᠨ ᠬᠠᠩᠭᠠᠢ ᠲᠠᠢ | ᠤᠷᠲᠤ ᠶᠢᠨ ᠳᠠᠭᠤᠤ ᠨᠢ ᠬᠠᠩᠭᠢᠨᠠᠭᠠᠳ ᠳᠡᠯᠡᠬᠡᠢ ᠲᠡᠨᠢᠢᠭᠰᠡᠨ ᠳᠡᠨᠵᠢ ᠲᠠᠢ | ᠳᠠᠬᠢᠯᠲᠠ | ᠭᠠᠵᠠᠷ ᠤᠨ ᠰᠠᠶᠢᠬᠠᠨ ᠳᠤ ᠴᠠᠶᠢᠯᠵᠠᠭᠰᠠᠨ ᠭᠠᠩᠭᠠᠩ ᠴᠠᠭᠠᠨ ᠭᠡᠷ ᠤᠳ ᠲᠠᠢ | ᠭᠠᠯ ᠲᠠᠢ ᠲᠤᠭᠤᠷᠠᠢ ᠨᠢ ᠭᠢᠯᠠᠯᠵᠠᠭᠰᠠᠨ ᠳᠡᠯ ᠲᠠᠢ ᠰᠢᠪᠠᠭᠤ ᠠᠳᠤᠭᠤᠳ ᠲᠠᠢ | ᠬᠠᠨᠠᠨ ᠤ ᠨᠢᠳᠦ ᠪᠠᠷ ᠰᠡᠷᠴᠢᠭᠢᠨᠡᠭᠰᠡᠨ ᠴᠡᠭᠡᠵᠢ ᠠᠷᠢᠭᠤᠯᠠᠭᠰᠠᠨ ᠰᠠᠯᠬᠢ ᠲᠠᠢ | ᠬᠤᠶᠢᠮᠤᠷ ᠭᠤᠣᠯᠯᠠᠵᠤ ᠬᠠᠩᠬᠠᠶᠢᠭᠠᠳ ᠥᠯᠢᠭᠡᠷ ᠬᠡᠯᠡᠭᠰᠡᠨ ᠪᠤᠭᠤᠷᠤᠯ ᠲᠠᠢ | ᠳᠠᠬᠢᠯᠲᠠ |