ᠦᠭᠡ ᠠᠶ᠎ᠠ᠄ ᠬᠠᠶᠢᠴᠢᠩᠰᠢᠪᠠᠭᠤ | ᠳᠠᠭᠤᠴᠢᠨ᠄ ᠰ᠊ · ᠤᠶᠠᠩᠭ᠎ᠠ | ᠭᠦᠭᠵᠢᠮ ᠤᠨ ᠨᠠᠶᠢᠷᠠᠭᠤᠯᠤᠭᠴᠢ᠄ ᠮᠦᠩᠭᠡᠵᠢᠷᠭᠠᠯ | | | ᠬᠠᠯᠬ᠎ᠠ ᠮᠣᠩᠭᠤᠯ ᠠᠴᠠ ᠪᠠᠨ ᠠᠪᠤᠭᠠᠳ ᠯᠠ ᠢᠷᠡᠭᠰᠡᠨ | ᠬᠠᠲᠠᠭᠤ ᠮᠥᠩᠭᠦᠨ ᠪᠠᠭᠤᠪᠴᠢ ᠰᠢᠤ ᠭᠦ᠋ | ᠬᠠᠶᠢᠷᠠᠲᠠᠢ ᠬᠤᠩᠭᠤᠷ ᠴᠢᠮ᠎ᠠ ᠳᠠᠭᠠᠨ ᠪᠢ ᠴᠢᠨᠢ | ᠵᠡᠭᠦᠯᠭᠡᠭᠡᠳ ᠥᠭᠭᠦᠶ᠎ᠡ ᠭᠦ᠋ | ᠬᠠᠪᠤᠲᠠᠢ ᠵᠢᠷᠭᠠᠯᠲᠠᠢ ᠬᠠᠮᠲᠤ ᠪᠠᠨ ᠠᠮᠢᠳᠤᠷᠠᠬᠤ | ᠵᠠᠶᠠᠭ᠎ᠠ ᠮᠢᠨᠢ ᠪᠢᠳᠠᠨ ᠳᠡᠭᠡᠨ ᠦᠭᠡᠢ ᠪᠣᠯᠪᠠᠴᠤ | ᠬᠤᠶᠠᠷ ᠭᠠᠷ ᠤᠨ ᠪᠠᠭᠤᠪᠴᠢ ᠪᠠᠨ ᠵᠡᠭᠦᠬᠦ ᠦᠶ᠎ᠡ ᠳᠡᠭᠡᠨ | ᠭᠡᠭᠡ ᠪᠠᠨ ᠪᠢᠲᠡᠭᠡᠢ ᠮᠡᠷᠳᠡᠵᠦ ᠶᠠᠪᠤ ᠳ᠋ᠠ ᠭᠦ᠋ | ᠠᠢ ᠳ᠋ᠠ ᠭᠤᠯᠤᠤ ᠮᠢᠨᠢ ᠠ᠋ ᠭᠦ᠋ | ᠬᠠᠳᠠᠨ ᠤ ᠴᠢᠯᠠᠭᠤ ᠴᠢᠨᠢ ᠨᠤᠷᠠᠭᠠᠳ ᠤᠨᠠᠪᠠᠴᠤ | ᠬᠠᠭᠠᠷᠠᠵᠤ ᠡᠪᠳᠡᠷᠡᠬᠦ ᠦᠭᠡᠢ ᠮᠥᠩᠭᠦᠨ ᠪᠠᠭᠤᠪᠴᠢ ᠰᠢᠤ | ᠬᠠᠶᠢᠷᠠᠯᠠᠵᠤ ᠶᠠᠪᠤ ᠳ᠋ᠠ ᠬᠠᠳᠠᠭᠠᠯᠠᠵᠤ ᠶᠠᠪᠤ ᠳ᠋ᠠ ᠭᠦ᠋ | | ᠠᠷᠤ ᠮᠣᠩᠭᠤᠯ ᠠᠴᠠ ᠪᠠᠨ ᠠᠪᠤᠭᠠᠳ ᠯᠠ ᠢᠷᠡᠭᠰᠡᠨ | ᠠᠯᠲᠠ ᠠᠴᠠ ᠴᠢᠨᠠᠷᠯᠢᠭ ᠪᠠᠭᠤᠪᠴᠢ ᠰᠢᠤ ᠭᠦ᠋ | ᠠᠮᠠᠷᠠᠭ ᠬᠤᠩᠭᠤᠷ ᠴᠢᠮ᠎ᠠ ᠳᠠᠭᠠᠨ ᠪᠢ ᠴᠢᠨᠢ | ᠵᠡᠭᠦᠯᠭᠡᠭᠡᠳ ᠥᠭᠭᠦᠶ᠎ᠡ ᠭᠦ᠋ | ᠠᠵᠤ ᠵᠢᠷᠭᠠᠯᠲᠠᠢ ᠬᠠᠮᠲᠤ ᠳᠠᠭᠠᠨ ᠠᠮᠢᠳᠤᠷᠠᠬᠤ | ᠵᠠᠶᠠᠭ᠎ᠠ ᠮᠢᠨᠢ ᠪᠢᠳᠠᠨ ᠳᠡᠭᠡᠨ ᠦᠭᠡᠢ ᠪᠣᠯᠪᠠᠴᠤ | ᠠᠯᠠᠭᠠᠨ ᠭᠠᠷ ᠤᠨ ᠪᠠᠭᠤᠪᠴᠢ ᠪᠠᠨ ᠵᠡᠭᠦᠬᠦ ᠦᠶ᠎ᠡ ᠳᠡᠭᠡᠨ | ᠭᠡᠭᠡ ᠪᠠᠨ ᠪᠢᠲᠡᠭᠡᠢ ᠮᠡᠷᠳᠡᠵᠤ ᠶᠠᠪᠤ ᠳ᠋ᠠ ᠭᠦᠢ | ᠠᠢ ᠳ᠋ᠠ ᠭᠤᠯᠤᠤ ᠮᠢᠨᠢ ᠠ᠋ ᠭᠦ᠋ | ᠠᠭᠤᠯᠠᠨ ᠤ ᠴᠢᠯᠠᠭᠤ ᠴᠢᠨᠢ ᠨᠤᠷᠠᠭᠠᠳ ᠤᠨᠠᠪᠠᠴᠤ | ᠡᠪᠳᠡᠷᠡᠵᠦ ᠬᠠᠭᠠᠷᠠᠬᠤ ᠦᠭᠡᠢ ᠮᠥᠩᠭᠦᠨ ᠪᠠᠭᠤᠪᠴᠢ ᠰᠢᠤ | ᠠᠮᠢ ᠲᠠᠢ ᠪᠠᠨ ᠠᠳᠠᠯᠢᠬᠠᠨ ᠭᠠᠮᠨᠠᠵᠤ ᠶᠠᠪᠤ ᠳ᠋ᠠ ᠭᠦ᠋ | | ᠦᠦᠷ ᠢᠶᠠᠷ ᠭᠠᠷᠬᠤ ᠴᠣᠯᠮᠣᠨ ᠣᠳᠣ ᠴᠢᠨᠢ | ᠭᠡᠷᠡᠯᠲᠡᠢ ᠪᠣᠯᠪᠠᠴᠤ ᠭᠦ᠋ | ᠥᠷᠥᠴᠡᠨ ᠳᠤ ᠮᠢᠨᠢ ᠨᠢᠭᠤᠭᠳᠠᠬᠤ ᠦᠨᠡᠨ ᠬᠠᠶᠢᠷ᠎ᠠ ᠶᠢ | ᠳᠤᠶᠠᠭᠠᠷᠠᠭᠤᠯᠵᠦ ᠴᠢᠳᠠᠨ᠎ᠠ ᠦᠦ ᠭᠦ᠋ | ᠥᠩᠭᠡ ᠯᠠ ᠪᠦᠷᠢ ᠶᠢᠨ ᠴᠡᠴᠡᠭ ᠬᠤᠶᠠᠷ ᠴᠢᠨᠢ | ᠦᠵᠡᠰᠬᠦᠯᠡᠩ ᠭᠤᠶᠣᠬᠠᠨ ᠳᠡᠯᠭᠡᠷᠡᠪᠡᠴᠦ | ᠦᠨᠡᠨ ᠰᠡᠳᠬᠢᠯ ᠤᠨ ᠦᠭᠡ ᠶᠢ ᠪᠠᠨ ᠬᠡᠯᠡᠯᠴᠡᠭᠰᠡᠨ | ᠥᠩᠭᠡᠷᠡᠭᠰᠡᠨ ᠤ ᠰᠠᠶᠢᠬᠠᠨ ᠢ ᠣᠷᠣᠯᠠᠵᠤ ᠲᠠᠶᠢᠯᠤᠨ᠎ᠠ ᠦᠦ ᠳ᠋ᠧ ᠭᠦ᠋ | ᠠᠢ ᠳ᠋ᠠ ᠭᠤᠯᠤᠤ ᠮᠢᠨᠢ ᠠ᠋ ᠭᠦ᠋ | ᠦᠰᠦ ᠴᠢᠨᠢ ᠴᠠᠶᠢᠭᠠᠳ ᠦᠲᠡᠯᠡᠲᠡᠯᠡ ᠪᠠᠨ ᠵᠡᠭᠦᠪᠡᠴᠦ | ᠥᠩᠭᠡ ᠨᠢ ᠪᠠᠭᠤᠷᠠᠬᠤ ᠦᠭᠡᠢ ᠮᠥᠩᠭᠦᠨ ᠪᠠᠭᠤᠪᠴᠢ ᠰᠢᠤ | ᠥᠨᠢ ᠮᠥᠩᠬᠡ ᠶᠢᠨ ᠬᠠᠶᠢᠷ᠎ᠠ ᠰᠢᠩᠭᠡᠭᠰᠡᠨ ᠮᠥᠩᠭᠦᠨ ᠪᠠᠭᠤᠪᠴᠢ ᠰᠢᠤ ᠭᠦ᠋ | ᠥᠨᠢ ᠮᠥᠩᠬᠡ ᠶᠢᠨ ᠬᠠᠶᠢᠷ᠎ᠠ ᠰᠢᠩᠭᠡᠭᠰᠡᠨ ᠰᠡᠳᠬᠢᠯ ᠤᠨ ᠪᠠᠭᠤᠪᠴᠢ ᠰᠢᠤ ᠭᠦ᠋ |