ᠨᠤᠮ ᠤᠨ ᠲᠣᠬᠠᠢ ᠵᠦᠢᠷ ᠰᠡᠴᠡᠨ ᠦᠭᠡᠰ
ᠨᠡᠶᠢᠲᠡᠯᠡᠭᠰᠡᠨ ᠴᠠᠭ᠄
2024/12/8
︽ᠲᠦᠰᠢᠭ︾ ᠨᠤᠮ  ᠤᠨ ᠲᠡᠯᠭᠡᠭᠦᠷ ᠲᠤ      ᠪᠢᠴᠢᠵᠦ ᠦᠭᠭᠦᠭᠰᠡᠨ ᠵᠦᠢᠷ ᠰᠡᠴᠡᠨ ᠦᠭᠡ    ᠬᠦᠮᠦᠨ ᠤᠬᠠᠭᠠᠨ  ᠢᠶᠠᠨ ᠳᠦᠰᠢᠨ᠎ᠡ  ᠮᠤᠳᠤ ᠦᠨᠳᠦᠰᠦ ᠪᠠᠨ ᠳᠦᠰᠢᠨ᠎ᠡ    ᠭᠠᠩᠭ᠎ᠠ ᠮᠦᠷᠡᠨ ᠤᠰᠤᠨ  ᠤ ᠳᠠᠯᠠᠢ  ᠭᠠᠨᠵᠤᠤᠷ ᠳ᠋ᠠᠨᠵᠤᠤᠷ ᠨᠤᠮ  ᠤᠨ ᠳᠠᠯᠠᠢ    ᠨᠠᠷᠠ ᠭᠠᠷᠬᠤ ᠪᠠᠷ ᠪᠠᠶᠢᠭᠠᠯᠢ ᠰᠡᠷᠭᠦᠳᠡᠭ  ᠨᠤᠮ ᠤᠩᠰᠢᠬᠤ ᠪᠠᠷ ᠲᠠᠷᠢᠬᠢ ᠰᠡᠷᠭᠦᠳᠡᠭ    ᠵᠦᠭᠡᠯᠡᠨ ᠭᠠᠵᠠᠷ ᠬᠦᠮᠡᠯᠢ ᠤᠷᠭᠤᠳᠠᠭ  ᠵᠦᠪ ᠦᠭᠡᠨ ᠳᠤ ᠬᠦᠮᠦᠨ ᠤᠬᠠᠭᠠᠷᠠᠳᠠᠭ    ᠪᠠᠶᠢᠭᠠᠯᠢ  ᠶᠢᠨ ᠨᠠᠷᠠᠨ ᠤᠷᠴᠢᠯᠠᠩ  ᠳᠤ ᠪᠤᠢ  ᠪᠢᠯᠢᠭ ᠤᠨ ᠨᠠᠷᠠᠨ ᠨᠤᠮ ᠳᠤ ᠪᠤᠢ    ᠤᠳᠤᠨ ᠮᠡᠴᠢᠳ ᠤᠭᠲᠠᠷᠭᠤᠢ ᠶᠢᠨ ᠴᠢᠮᠡᠭ  ᠤᠶᠤᠨ ᠮᠡᠳᠡᠯᠭᠡ ᠪᠡᠶ᠎ᠡ ᠶᠢᠨ ᠴᠢᠮᠡᠭ    ᠡᠳ᠋ ᠬᠤᠪᠤᠷ ᠪᠤᠯᠪᠠᠴᠤ ᠡᠷᠢᠵᠦ ᠤᠯᠵᠤ ᠪᠤᠯᠳᠠᠭ  ᠡᠷᠳᠡᠮ ᠭᠦᠨ ᠪᠤᠯᠪᠠᠴᠤ ᠰᠤᠷᠴᠤ ᠡᠵᠡᠮᠰᠢᠵᠦ ᠪᠤᠯᠳᠠᠭ    ᠡᠯᠪᠡᠭ ᠬᠤᠷᠢᠶᠠᠯᠲᠠ ᠤᠨ ᠤ ᠬᠦᠨᠡᠰᠦ  ᠡᠷᠳᠡᠮ ᠰᠤᠶᠤᠯ ᠨᠠᠰᠤᠨ ᠤ ᠬᠦᠨᠡᠰᠦ   ᠡᠷ᠎ᠡ ᠶᠢᠨ ᠵᠢᠯᠤᠭᠤ ᠵᠤᠷᠢᠭᠡᠷᠳᠡᠮ ᠤᠨ ᠵᠢᠯᠤᠭᠤ ᠪᠢᠴᠢᠭ    ᠤᠭᠲᠠᠷᠭᠤᠢ ᠶᠢ ᠭᠡᠶᠢᠭᠦᠯᠳᠡᠭ ᠠᠴᠠ ᠨᠠᠷᠠ ᠰᠠᠶᠢᠬᠠᠨ  ᠤᠶᠤᠨ ᠢ ᠭᠡᠷᠡᠯᠳᠦᠭᠦᠯᠳᠡᠭ ᠠᠴᠠ ᠮᠡᠳᠡᠯᠭᠡ ᠰᠠᠶᠢᠬᠠᠨ    ᠡᠳ᠋ ᠤᠨ ᠪᠠᠶᠠᠨ — ᠴᠠᠭ ᠤᠨ ᠪᠠᠶᠠᠨ  ᠡᠷᠳᠡᠮ ᠤᠨ ᠪᠠᠶᠠᠨ — ᠨᠠᠰᠤᠨ ᠤ ᠪᠠᠶᠠᠨ    ᠪᠢᠷ ᠪᠡᠬᠡᠰ ᠭᠠᠷ ᠤᠨ ᠴᠢᠮᠡᠭ  ᠪᠢᠴᠢᠭ ᠨᠤᠮ ᠤᠶᠤᠨ ᠤ ᠴᠢᠮᠡᠭ    ᠡᠳ᠋ ᠤᠨ ᠴᠢᠨᠠᠷ ᠢ ᠡᠳ᠋ᠯᠡᠵᠦ ᠲᠠᠨᠢᠳᠠᠭ  ᠡᠷᠳᠡᠮ ᠤᠨ ᠭᠦᠨ ᠢ ᠰᠤᠷᠴᠤ ᠮᠡᠳᠡᠳᠡᠭ    ᠠᠮᠢ ᠨᠠᠰᠤ ᠬᠦᠳᠡᠯᠭᠡᠭᠡᠨ ᠳᠤ ᠪᠤᠢ  ᠠᠮᠵᠢᠯᠳᠠ ᠪᠦᠳᠦᠭᠡᠯ ᠴᠢᠷᠮᠠᠶᠢᠯᠭ᠎ᠠ  ᠳᠤ ᠪᠤᠢ    ᠤᠰᠤᠨ ᠤ ᠰᠠᠩ ᠪᠤᠯᠠᠭ ᠠᠴᠠ ᠡᠬᠢᠳᠡᠢ  ᠤᠬᠠᠭᠠᠨ ᠤ ᠰᠠᠩ ᠨᠤᠮ ᠠᠴᠠ ᠡᠬᠢᠲᠡᠢ                     2020.06.19
ᠢᠷᠡᠯᠲᠡ᠄ ᠬᠤᠯᠪᠤᠭ᠎ᠠ ᠪᠦᠷᠬᠡ