ᠵᠦᠢᠷ ᠰᠡᠴᠡᠨ ᠦᠭᠡ ᠪᠠ ᠨᠡᠷᠡᠲᠦ ᠦᠭᠡᠰ ᠤᠨ ᠡᠮᠬᠢᠳᠭᠡᠯ ︵ᠠᠷᠪᠠᠨ ᠬᠤᠶᠠᠷ︶
ᠨᠡᠶᠢᠲᠡᠯᠡᠭᠰᠡᠨ ᠴᠠᠭ᠄
2024/12/8
ᠵᠠᠯᠠᠭᠤ ᠬᠦᠮᠦᠨ ᠤ ᠵᠣᠷᠢᠭ ᠠᠴᠠ   ᠴᠢᠨᠳᠠᠮᠤᠨᠢ ᠡᠷᠳᠡᠨᠢ ᠪᠦᠲᠦᠨ᠎ᠡ    ᠦᠰᠬᠦ ᠨᠠᠰᠤᠨ ᠳᠤ ᠪᠠᠨ ᠰᠤᠷᠬᠤ ᠦᠭᠡᠢ ᠪᠣᠯ    ᠦᠲᠡᠯᠦᠭᠰᠡᠨ ᠬᠤᠶᠢᠨ᠎ᠠ ᠪᠠᠨ ᠭᠡᠮᠰᠢᠨ᠎ᠡ    ᠨᠠᠷᠠᠨ ᠤ ᠰᠠᠶᠢᠬᠠᠨ ᠦᠷᠯᠦᠭᠡ ᠳᠤ    ᠨᠠᠰᠤᠨ ᠤ ᠰᠠᠶᠢᠬᠠᠨ ᠵᠠᠯᠠᠭᠤ ᠳᠤ    ᠵᠠᠯᠠᠭᠤ ᠬᠦᠮᠦᠨ ᠤ ᠵᠠᠮ ᠤᠨ ᠬᠦᠵᠦᠭᠦᠦ ᠤᠷᠲᠤ    ᠵᠠᠯᠬᠠᠭᠤ ᠬᠦᠮᠦᠨ ᠤ ᠦᠭᠡᠨ ᠦᠵᠦᠭᠦᠷ ᠤᠷᠲᠤ    ᠵᠠᠭ ᠤᠨ ᠮᠣᠳᠣ ᠡᠯᠡᠰᠦᠨ ᠳᠤ ᠪᠤᠯᠠᠭᠲᠠᠬᠤ ᠦᠭᠡᠢ    ᠵᠠᠯᠠᠭᠤ ᠬᠦᠮᠦᠨ ᠪᠡᠷᠬᠡᠰᠢᠶᠡᠯ ᠳᠤ ᠳᠠᠷᠤᠭᠳᠠᠬᠤ ᠦᠭᠡᠢ    ᠵᠢᠯ ᠳᠤ ᠪᠠᠨ ᠰᠠᠶᠢᠨ ᠶᠠᠪᠤᠭᠰᠠᠨ ᠨᠢ ᠰᠢᠨᠡᠯᠡᠬᠦ ᠳᠤ ᠬᠠᠷᠠᠭᠳᠠᠨ᠎ᠠ    ᠵᠠᠯᠠᠭᠤ ᠳᠤ ᠪᠠᠨ ᠰᠠᠶᠢᠨ ᠶᠠᠪᠤᠭᠰᠠᠨ ᠨᠢ ᠦᠲᠡᠯᠬᠦ ᠳᠤ ᠬᠠᠷᠠᠭᠳᠠᠨ᠎ᠠ    ᠵᠠᠯᠠᠭᠤ ᠬᠦᠮᠦᠨ ᠵᠠᠪ ᠦᠭᠡᠢ ᠨᠢ ᠰᠠᠶᠢᠨ    ᠽᠠᠨᠳᠠᠨ ᠮᠣᠳᠣ ᠶᠠᠷ᠎ᠠ ᠦᠭᠡᠢ ᠨᠢ ᠰᠠᠶᠢᠨ    
ᠢᠷᠡᠯᠲᠡ᠄ ᠬᠤᠯᠪᠤᠭ᠎ᠠ ᠪᠦᠷᠬᠡ