ᠵᠦᠢᠷ ᠰᠡᠴᠡᠨ ᠦᠭᠡ ᠪᠠ ᠨᠡᠷᠡᠲᠦ ᠦᠭᠡᠰ ᠤᠨ ᠡᠮᠬᠢᠳᠭᠡᠯ ︵ᠨᠠᠢᠮᠠ︶
ᠨᠡᠶᠢᠲᠡᠯᠡᠭᠰᠡᠨ ᠴᠠᠭ᠄
2024/12/8
ᠲᠡᠭᠦᠰᠭᠡᠯ ᠤᠨ ᠬᠤᠷᠤᠮ ᠳᠤ ᠠᠮᠵᠢᠯᠲᠠ ᠤᠶᠢᠷᠠᠲᠤᠨ᠎ᠠ    ᠲᠠᠶᠠᠭᠳᠠᠵᠤ ᠳᠡᠶᠢᠯᠬᠦ ᠦᠭᠡᠢ ᠵᠦᠢᠯ ᠭᠡᠵᠦ ᠪᠠᠶᠢᠳᠠᠭ ᠦᠭᠡᠢ    ᠦᠨᠢᠳᠡ ᠡᠳᠡᠭᠡᠷᠡᠰᠢ ᠦᠭᠡᠢ ᠰᠢᠷᠬ᠎ᠠ ᠭᠡᠵᠦ ᠪᠠᠰᠠ ᠪᠠᠶᠢᠳᠠᠭ ᠦᠭᠡᠢ    ᠭᠡᠬᠦ ᠳᠤ ᠪᠠᠨ ᠪᠦᠬᠦ ᠵᠦᠢᠯ ᠴᠢᠮ᠎ᠠ ᠠᠴᠠ ᠰᠢᠯᠲᠠᠭᠠᠯᠠᠭᠳᠠᠨ᠎ᠠ    ᠬᠡᠨ ᠢ ᠮᠡᠬᠡᠯᠡᠭᠰᠡᠨ ᠴᠦ ᠦᠪᠡᠷ ᠤᠨ ᠪᠡᠶ᠎ᠡ ᠪᠠᠨ ᠮᠡᠬᠡᠯᠡᠵᠦ ᠴᠢᠳᠠᠬᠤ ᠦᠭᠡᠢ    ᠡᠮᠵᠡᠭ ᠢᠶᠠᠨ ᠪᠣᠰᠣᠳ ᠲᠤ ᠪᠤᠤ ᠮᠡᠳᠡᠭᠦᠯ    ᠨᠢᠮᠪᠠᠢ ᠰᠡᠳᠭᠢᠵᠦ ᠨᠠᠷᠢᠨ ᠲᠤᠩᠭ᠎ᠠ    ᠰᠢᠢᠳᠪᠦᠷᠢ ᠳᠤ ᠪᠠᠨ ᠮᠠᠭᠠᠳᠯᠠᠯᠲᠠ ᠬᠢ    ᠪᠠᠶᠠᠷᠲᠠᠢ ᠪᠠᠷ ᠨᠣᠲᠠᠯᠠᠯᠲᠠ ᠬᠢᠵᠦ ᠰᠣᠷ    ᠨᠢᠭᠤᠴᠠ ᠶᠢ ᠬᠠᠮᠠᠭᠠᠯᠠᠵᠤ ᠰᠤᠷ︕    ᠰᠢᠢᠳᠪᠦᠷᠢ ᠳᠤ ᠪᠠᠨ ᠢᠲᠡᠭᠡᠮᠵᠢ  ᠲᠠᠢ ᠪᠣᠯ ᠤᠷᠤᠭᠰᠢᠯᠠᠬᠤ ᠪᠠᠨ ᠵᠤᠭᠰᠤ︕    ᠶᠡᠭᠡ ᠪᠣᠳᠣᠭᠤᠰᠢᠲᠠᠢ ᠵᠦᠢᠯ ᠤᠯᠠᠨ ᠪᠠᠶᠢᠨ᠎ᠠ    ᠵᠢᠷᠭᠠᠯ ᠵᠤᠪᠠᠯᠠᠩ ᠢ ᠬᠠᠮᠲᠤ ᠳᠤ ᠨᠢ ᠠᠪᠴᠢᠷᠠᠭᠰᠠᠨ    ᠡᠷᠭᠢᠵᠦ ᠠᠭᠤᠯᠵᠠᠬᠤ ᠦᠭᠡᠢ ᠪᠠᠶᠠᠰᠬᠤᠯᠠᠩᠲᠤ ᠴᠠᠭ ᠮᠦᠴᠡ    ᠦᠭᠬᠢᠶᠡᠮᠦᠷᠴᠢ ᠪᠠᠢ᠂ ᠪᠤᠤ ᠡᠷᠡᠭᠡᠯᠵᠡᠨ ᠲᠠᠲᠠᠭᠠᠯᠵᠠ︕    ᠨᠡᠷ᠎ᠡ ᠲᠦᠷᠦ ᠦᠭᠡᠢ ᠴᠦ ᠬᠠᠮᠢᠶ᠎ᠠ ᠦᠭᠡᠢ    ᠬᠡᠢ ᠬᠤᠭᠤᠰᠤᠨ ᠵᠦᠢᠯ ᠢ ᠪᠤᠤ ᠬᠦᠭᠡᠭᠡᠴᠡᠯᠳᠦ︕    ᠬᠡᠲᠦᠷᠬᠡᠢ ᠶᠠᠭᠠᠷᠠᠮᠲᠠᠭᠠᠢ ᠵᠠᠩ ᠢᠶᠠᠨ ᠬᠠᠯᠠ    ᠶᠡᠭᠡ ᠶᠢ ᠬᠢᠬᠦ ᠭᠡᠪᠡᠯ ᠪᠠᠭ᠎ᠠ ᠠᠴᠠ ᠡᠬᠢᠯᠡ︕    ᠲᠡᠩᠳᠡᠭᠦᠦ ᠦᠭᠬᠢᠶᠡᠮᠦᠷᠴᠢ ᠪᠠᠰᠠ ᠪᠠᠶᠢᠵᠤ ᠪᠣᠯᠬᠤ ᠦᠭᠡᠢ    ᠪᠠᠷᠢᠮᠲᠠᠯᠠᠬᠤ ᠶᠤᠰᠤ ᠦᠭᠡᠢ ᠵᠦᠢᠯᠡᠰ ᠢᠶᠠᠨ ᠪᠤᠤ ᠪᠠᠷᠢᠮᠲᠠᠯᠠ︕    ᠤᠢ ᠭᠤᠲᠤᠭᠠᠭᠰᠠᠨ ᠬᠦᠯᠢᠶᠡᠯᠲᠡ ᠶᠢ ᠲᠡᠪᠴᠢᠵᠦ ᠰᠤᠷ︕    ︽ᠲᠡᠨᠡᠭ︾ ᠢᠶᠠᠷ ᠤᠪᠯᠠᠵᠤ ᠰᠤᠷ︕    
ᠢᠷᠡᠯᠲᠡ᠄ ᠬᠤᠯᠪᠤᠭ᠎ᠠ ᠪᠦᠷᠬᠡ