ᠵᠦᠢᠷ ᠰᠡᠴᠡᠨ ᠦᠭᠡ ᠪᠠ ᠨᠡᠷᠡᠲᠦ ᠦᠭᠡᠰ ᠤᠨ ᠡᠮᠬᠢᠳᠭᠡᠯ ︵ᠳᠤᠯᠤᠭ᠎ᠠ︶
ᠨᠡᠶᠢᠲᠡᠯᠡᠭᠰᠡᠨ ᠴᠠᠭ᠄
2024/12/8
ᠪᠣᠰᠣᠳ ᠢ ᠪᠤᠤ ᠬᠦᠩᠭᠡᠪᠴᠢᠯᠡ    ᠮᠤᠩᠬᠠᠭ ᠤᠨ ᠴᠦᠯ ᠢ ᠮᠤᠷᠢ ᠪᠠᠷ ᠪᠢᠰᠢ ᠨᠣᠮ ᠢᠶᠠᠷ ᠲᠤᠭᠤᠯᠲᠠᠭ    ᠮᠤᠷᠠᠯ ᠤᠨ ᠡᠷᠬᠢᠮ ᠢ ᠪᠣᠰᠣᠳ ᠠᠴᠠ ᠪᠣᠰᠣ ᠪᠡᠶ᠎ᠡ ᠪᠠᠷ ᠤᠬᠠᠭᠠᠷᠠᠳᠠᠭ    ᠭᠠᠷᠪᠠᠯ ᠭᠠᠨᠵᠤᠭ᠎ᠠ ᠳᠦᠬᠦᠷᠡᠩ ᠣᠷᠣᠪᠠᠯ ᠤᠯᠵᠠ ᠳᠦᠬᠦᠷᠡᠩ    ᠵᠢᠯᠤᠭᠤ ᠦᠭᠡᠢ ᠮᠤᠷᠢ᠂ ᠵᠤᠷᠢᠯᠭ᠎ᠠ ᠦᠭᠡᠢ ᠬᠦᠮᠦᠨ    ᠪᠣᠰᠣᠳ ᠲᠤ ᠪᠤᠤ ᠶᠠᠷᠰᠢᠭ ᠲᠠᠲᠠ᠂ ᠦᠪᠡᠷᠲᠡᠭᠡᠨ ᠲᠤᠩᠭ᠎ᠠ︕    ᠬᠡᠷᠡᠭ ᠦᠭᠡᠢ ᠵᠦᠢᠯ ᠢᠶᠠᠨ ᠲᠠᠶᠠᠭᠳᠠ︕    ᠴᠤ᠋ ᠰᠢᠨ᠎ᠡ ᠡᠬᠢᠯᠡᠯᠲᠡ᠂ ᠮᠠᠷᠭᠠᠰᠢ ᠶᠢᠨ ᠰᠠᠶᠢᠨ ᠰᠠᠶᠢᠬᠠᠨ ᠢ ᠬᠦᠯᠢᠶᠡ︕    ᠭᠠᠭᠴᠠᠭᠠᠷ ᠢᠶᠠᠨ ᠴᠦ ᠲᠠᠰᠪᠦᠷᠢ ᠲᠡᠪᠴᠢᠶᠡᠷᠢ ᠲᠠᠢ ᠪᠠᠶᠢᠭᠠᠴᠢ︕    ᠲᠤᠯᠵᠤ ᠢᠷᠡᠭᠰᠡᠨ ᠵᠤᠪᠠᠯᠠᠩ ᠢ ᠲᠤᠭᠤᠷᠢᠵᠤ ᠪᠢᠰᠢ ᠲᠤᠭᠤᠯᠵᠤ ᠭᠠᠷᠳᠠᠭ    ᠭᠤᠨᠢᠭ ᠵᠤᠪᠠᠯᠠᠩ ᠴᠢᠨᠢ ᠬᠦᠭᠡᠰᠦ ᠮᠡᠲᠦ ᠵᠠᠮᠬᠠᠷᠠᠨ᠎ᠠ    ᠮᠦᠷᠦᠭᠡᠳᠦᠯ ᠴᠢᠨᠢ ᠴᠢᠮᠠᠢᠢ ᠠᠮᠲᠠᠲᠤ ᠨᠤᠶᠢᠷ ᠠᠴᠠ ᠨᠢ ᠰᠡᠷᠭᠦᠬᠡᠨ᠎ᠡ    ᠨᠡᠬᠦᠬᠦ ᠠᠴᠠ ᠡᠮᠦᠨ᠎ᠡ ᠨᠤᠲᠤᠭ ᠢᠶᠠᠨ ᠰᠣᠩᠭᠤ᠂  ᠪᠠᠭᠤᠬᠤ ᠠᠴᠠ ᠡᠮᠦᠨ᠎ᠡ ᠪᠡᠯᠴᠢᠭᠡᠷ ᠢᠶᠠᠨ ᠰᠢᠨᠵᠢ    ᠶᠠᠭᠤ ᠡᠷᠢᠵᠦ ᠪᠠᠶᠢᠬᠤ ᠪᠠᠨ ᠮᠡᠳᠡ    ᠰᠠᠶᠢᠨ ᠬᠦᠮᠦᠨ ᠶᠠᠪᠤᠭᠰᠠᠨ ᠢᠶᠠᠨ ᠮᠠᠭᠤ ᠬᠦᠮᠦᠨ ᠢᠳᠡᠭᠰᠡᠨ ᠢᠶᠠᠨ    ᠶᠠᠭᠠᠷᠠᠮᠲᠠᠭᠠᠢ ᠵᠠᠩ ᠢᠶᠠᠨ ᠬᠠᠯᠠ    ᠨᠢᠭᠡᠨ ᠦᠵᠦᠬᠦᠷᠲᠦ ᠰᠡᠳᠬᠢᠯ ᠢᠶᠠᠷ ᠬᠢ︕     
ᠢᠷᠡᠯᠲᠡ᠄ ᠬᠤᠯᠪᠤᠭ᠎ᠠ ᠪᠦᠷᠬᠡ