4. ᠣᠷᠢᠶᠠᠩᠬᠠᠢ ᠵᠠᠯᠮ᠎ᠠ ᠶᠢᠨ ᠠᠷᠪᠠᠨ ᠳᠠᠪᠣᠳᠣᠭᠠᠷ ᠦᠶ᠎ᠡ ᠶᠢᠨ ᠭᠦᠷᠦᠰᠬᠢᠪ ᠤᠨ ᠨᠢᠭᠡ ᠬᠤᠰᠢᠭᠤ᠃ ︽ ᠳᠠᠷᠣᠢ ᠬᠠᠷᠠᠴᠢᠨ ᠪᠠᠷᠠᠭᠤᠨ ᠬᠤᠰᠢᠭᠤ᠃ ︾ | 5. 1648 ᠣᠨ ᠳᠤ ᠣᠷᠢᠶᠠᠩᠬᠠᠢ ᠵᠠᠯᠮ᠎ᠠ ᠶᠢᠨ ᠠᠷᠪᠠᠨ ᠭᠤᠷᠪᠠᠳᠣᠭᠠᠷ ᠦᠶ᠎ᠡ ᠶᠢᠨ ᠰᠡᠷᠡᠩ ᠬᠠᠷᠢᠶᠠᠳᠣ ᠠᠷᠠᠳ ᠢᠶᠠᠨ ᠠᠪᠴᠣ ᠭᠦᠷᠦᠰᠬᠢᠪ ᠤᠨ | ᠬᠤᠰᠢᠭᠤ ᠠᠴᠠ ᠰᠠᠯᠵᠤ ᠵᠠᠰᠠᠭ ᠬᠤᠰᠢᠭᠤ ᠪᠠᠶᠢᠭᠤᠯᠵᠣ᠂ ᠬᠤᠷᠴᠢᠨ ᠵᠡᠭᠦᠨ ᠬᠤᠰᠢᠭᠤ ᠭᠡᠪᠡ᠃ | 6. 1662 ᠣᠨ ︵ᠡᠩᠬᠡ ᠠᠮᠣᠭᠤᠯᠠᠩ ᠤᠨ ᠳᠡᠷᠢᠭᠦᠨ ᠣᠨ︶ ᠳᠤ ᠳᠠᠶᠠᠨ ᠬᠠᠭᠠᠨ ᠤ ᠬᠦᠪᠡᠭᠦᠨ ᠬᠡᠷᠰᠠᠨᠵᠠ ᠶᠢᠨ ᠬᠤᠶᠢᠴᠢᠰ ᠪᠠᠯᠪᠤ ᠪᠢᠡᠭᠳᠦ ᠶᠢᠨ | ᠳᠠᠩᠭᠤᠳ ᠬᠠᠯᠬ᠎ᠠ ᠠᠶᠢᠮᠠᠭ ᠵᠠᠰᠠᠭ ᠬᠠᠨ ᠠᠴᠠ ᠢᠷᠡᠵᠣ ᠴᠢᠩ ᠣᠯᠣᠰ ᠢ ᠳᠠᠭᠠᠭᠠᠭᠰᠠᠨ ᠠᠴᠠ ᠳᠦᠮᠡᠳ ᠵᠡᠭᠦᠨ ᠬᠤᠰᠢᠭᠤᠨ ᠳᠤ ᠬᠠᠪᠰᠣᠷᠭᠠᠪᠠ᠃ | 7. 1705 ᠣᠨ ᠳᠤ ᠣᠷᠢᠶᠠᠩᠬᠠᠢ ᠵᠠᠯᠮ᠎ᠠ ᠶᠢᠨ ᠠᠷᠪᠠᠨ ᠳᠣᠯᠣᠳᠣᠭᠠᠷ ᠦᠶ᠎ᠡ ᠶᠢᠨ ᠭᠡᠷᠡᠯ ᠬᠠᠷᠢᠶᠠᠳᠣ ᠠᠷᠠᠳ ᠲᠠᠢ ᠪᠠᠨ ᠬᠠᠷᠠᠴᠢᠨ ᠪᠠᠷᠠᠭᠤᠨ | ᠬᠤᠰᠢᠭᠤᠨ ᠠᠴᠠ ᠰᠠᠯᠵᠤ ᠳᠣᠰᠠᠭᠠᠷ ᠨᠢᠭᠡ ᠬᠤᠰᠢᠭᠤ ᠶᠢ ᠵᠠᠬᠢᠷᠴᠤ᠂ ᠬᠠᠷᠠᠴᠢᠨ ᠳᠣᠮᠳᠠᠳᠣ ᠬᠤᠰᠢᠭᠤ ᠭᠡᠪᠡ᠃ | ᠡᠶᠢᠨᠡᠬᠦ ᠵᠣᠰᠣᠳᠣ ᠶᠢᠨ ᠴᠢᠭᠤᠯᠠᠭᠠᠨ ᠤ ᠳᠠᠪᠣᠨ ᠬᠤᠰᠢᠭᠤ ᠪᠦᠷᠢᠯᠳᠦᠵᠦ᠂ ᠬᠤᠰᠢᠭᠤ ᠵᠠᠰᠠᠭ ᠲᠠᠶᠢᠵᠢ᠂ ᠳᠠᠪᠣᠨᠠᠩ ᠬᠡᠷᠬᠡᠮᠳᠡᠨ ᠨᠢ ᠳᠠᠶᠠᠨ | ᠬᠠᠭᠠᠨ ᠤ ᠬᠤᠶᠢᠴᠢᠰ ᠪᠣᠯᠬᠤ ᠬᠢᠶᠠᠨ ᠪᠣᠷᠵᠢᠭᠢᠳ ᠪᠣᠯᠣᠨ ᠵᠠᠯᠮ᠎ᠠ ᠶᠢᠨ ᠬᠤᠶᠢᠴᠢᠰ ᠣᠷᠢᠶᠠᠩᠬᠠᠨ ᠳᠠᠪᠣᠨᠠᠩ ᠨᠤᠭᠤᠳ ᠪᠣᠯᠣᠨ᠎ᠠ᠃ ᠡᠩᠬᠡ ᠠᠮᠣᠭᠤᠯᠠᠩ ᠬᠠᠭᠠᠨ ᠤ | ᠦᠶ᠎ᠡ ᠠᠴᠠ ᠡᠬᠢᠯᠡᠵᠣ ᠬᠢᠶᠠᠨ ᠪᠣᠷᠵᠢᠭᠢᠳ ᠨᠢ ᠪᠣᠣ᠂ ᠶᠢᠨ ᠭᠡᠬᠦ ᠬᠢᠳᠠᠳ ᠣᠪᠣᠭ ᠬᠠᠪᠰᠣᠷᠭᠠᠨ ᠬᠡᠷᠡᠭᠯᠡᠵᠣ᠂ ᠣᠷᠢᠶᠠᠩᠬᠠᠨ ᠳᠠᠪᠣᠨᠠᠩ ᠨᠢ ᠡᠣ ᠭᠡᠬᠦ ᠬᠢᠳᠠᠳ | ᠣᠪᠣᠭ ᠬᠠᠪᠰᠣᠷᠭᠠᠨ ᠬᠡᠷᠡᠭᠯᠡᠪᠡ᠃ |