ᠮᠤᠩᠭᠤᠯ ᠦᠰᠦᠭ ᠪᠢᠴᠢᠭ ︵ᠵᠢᠷᠭᠤᠭ᠎ᠠ︶
ᠨᠡᠶᠢᠲᠡᠯᠡᠭᠰᠡᠨ ᠴᠠᠭ᠄
2024/12/6
                      ᠠᠶᠤᠰᠢ ᠬᠦᠦᠰᠢ ᠶᠢᠨ ᠠᠯᠢ ᠭᠠᠯᠢ ᠦᠰᠦᠭ        1577 ᠤᠨ ᠠᠴᠠ ᠬᠤᠶᠢᠨ᠎ᠠ ᠰᠢᠷ᠎ᠡ ᠶᠢᠨ ᠱᠠᠰᠢᠨ ᠮᠤᠩᠭᠤᠯ ᠤᠷᠤᠨ ᠳᠤ ᠳᠡᠯᠬᠡᠷᠡᠵᠡᠢ᠃ ᠳᠤᠬᠠᠢ ᠶᠢᠨ ᠦᠶ᠎ᠡ ᠳᠤ ᠰᠦᠮ᠎ᠡ ᠬᠡᠶᠢᠳ ᠨᠢ ᠮᠤᠩᠭᠤᠯ ᠦᠨᠳᠦᠰᠦᠳᠡᠨ ᠤ ᠰᠤᠶᠤᠯ ᠤᠨ ᠳᠦᠪ ᠪᠤᠯᠵᠤ᠂ ᠪᠤᠷᠬᠠᠨ ᠤ ᠨᠤᠮ ᠰᠤᠳᠤᠷ ᠢ ᠮᠤᠩᠭᠤᠯ ᠬᠡᠯᠡ ᠪᠠᠷ ᠤᠷᠴᠢᠭᠤᠯᠬᠤ ᠠᠰᠠᠭᠤᠳᠠᠯ ᠳᠤᠯᠭᠠᠮ᠎ᠠ ᠱᠠᠭᠠᠷᠳᠠᠭᠳᠠᠵᠤ ᠪᠠᠶᠢᠵᠠᠢ᠃ ᠲᠡᠷᠡ ᠦᠶ᠎ᠡ ᠳᠤ ᠠᠯᠳᠠᠨ ᠬᠠᠭᠠᠨ ᠮᠤᠩᠭᠤᠯ᠂ ᠳᠦᠪᠡᠳ᠂ ᠰᠡᠡᠰᠺᠷᠢᠲ ᠭᠤᠷᠪᠠᠨ ᠬᠡᠯᠡᠨ ᠳᠤ ᠨᠡᠪᠳᠡᠷᠡᠭᠰᠡᠨ ᠬᠠᠷᠠᠴᠢᠨ ᠤ ᠬᠦᠦᠰᠢ ᠠᠶᠤᠰᠢ ᠵᠡᠷᠭᠡ ᠡᠷᠳᠡᠮᠳᠡᠳ ᠲᠤ ᠵᠠᠷᠯᠢᠭ ᠪᠠᠭᠤᠯᠭᠠᠵᠤ᠂ ᠳᠦᠪᠡᠳ ᠬᠡᠯᠡᠨ ᠠᠴᠠ ︽ ᠭᠠᠨᠵᠤᠤᠷ︾ ᠢ ᠤᠷᠴᠢᠭᠤᠯᠪᠠ᠃ ᠤᠷᠴᠢᠭᠤᠯᠬᠤ ᠶᠠᠪᠤᠴᠠ ᠳᠤ ᠬᠠᠷᠢ ᠬᠡᠯᠡᠨ ᠤ ᠵᠢᠬᠡᠯᠡᠭᠡ ᠦᠬᠡ ᠶᠢ ᠮᠤᠩᠭᠤᠯ ᠢᠶᠠᠷ ᠳᠡᠮᠳᠡᠭᠯᠡᠬᠦ ᠳᠤ ᠬᠦᠴᠢᠷ ᠪᠤᠯᠬᠤᠷ 1587 ᠤᠨ ᠳᠤ ᠬᠠᠷᠠᠴᠢᠨ ᠤ ᠠᠶᠤᠰᠢ ᠬᠦᠦᠰᠢ ᠮᠤᠩᠭᠤᠯ ᠦᠰᠦᠭ ᠤᠨ ᠰᠠᠭᠤᠷᠢᠨ ᠳᠡᠭᠡᠷ᠎ᠡ ᠰᠡᠡᠰᠺᠷᠢᠲ ᠪᠤᠯᠤᠨ ᠳᠦᠪᠡᠳ ᠦᠰᠦᠭ ᠤᠨ ᠴᠠᠭᠠᠨ ᠳᠤᠯᠤᠭᠠᠢ ᠶᠢ ᠬᠢᠨᠠᠵᠤ ︽ ᠠᠯᠢ ᠭᠠᠯᠢ ᠦᠰᠦᠭ ︾ ᠬᠡᠳᠡᠭ ᠭᠠᠯᠢᠭ ᠦᠰᠦᠭ ᠢ ᠵᠤᠬᠢᠶᠠᠪᠠ᠃ ᠠᠯᠢ ᠭᠠᠯᠢ ᠦᠰᠦᠭ ᠪᠤᠯ ᠡᠷᠳᠡᠨ ᠤ ᠮᠤᠩᠭᠤᠯ ᠤᠨ ᠳᠠᠭᠤᠳᠠᠯᠭ᠎ᠠ ᠪᠤᠯᠤᠨ ᠪᠢᠴᠢᠯᠬᠡ ᠲᠠᠢ ᠦᠨᠳᠦᠰᠦᠨ ᠳᠡᠭᠡᠨ ᠠᠳᠠᠯᠢ ᠪᠠᠶᠢᠳᠠᠭ᠃
ᠢᠷᠡᠯᠲᠡ᠄ ᠬᠤᠯᠪᠤᠭ᠎ᠠ ᠪᠦᠷᠬᠡ