ᠮᠤᠩᠭᠤᠯ ᠦᠰᠦᠭ ᠪᠢᠴᠢᠭ ︵ᠳᠦᠷᠪᠡ︶
ᠨᠡᠶᠢᠲᠡᠯᠡᠭᠰᠡᠨ ᠴᠠᠭ᠄
2024/12/6
     ᠳᠡᠬᠦᠨ ᠤ ᠭᠤᠤᠯ ᠪᠦᠳᠦᠬᠡᠯ ᠨᠢ᠄       1. ᠵᠦᠪ ᠪᠢᠴᠢᠯᠭᠡ ᠶᠢᠨ ᠳᠦᠷᠢᠮ ᠪᠤᠯᠤᠨ ᠬᠡᠯᠡᠨ ᠵᠦᠢ ᠶᠢᠨ ᠰᠠᠭᠤᠷᠢ ᠶᠢ ᠳᠤᠭᠳᠠᠭᠠᠵᠠᠢ᠃       2. ᠬᠡᠶᠢᠬᠦᠯᠦᠭᠴᠢ ᠪᠤᠯᠤᠨ ᠡᠭᠡᠰᠢᠭ ᠬᠤᠶᠠᠷ ᠤᠨ ᠤᠶᠠᠯᠳᠤᠬᠤ ᠵᠦᠢ ᠶᠢ ᠳᠤᠷᠠᠳᠤᠨ ᠳᠠᠶᠢᠯᠪᠤᠷᠢᠯᠠᠵᠠᠢ᠃       3. ᠴᠠᠭᠠᠨ ᠳᠤᠯᠤᠭᠠᠢ ᠶᠢ115 ᠦᠶᠡᠳᠦ ᠦᠰᠦᠭ ᠪᠤᠯᠭᠠᠨ ᠬᠤᠪᠢᠯᠭᠠᠵᠠᠢ᠃       4. ᠨᠡᠷ᠎ᠡ ᠦᠬᠡ ᠶᠢᠨ ᠳᠡᠶᠢᠨ ᠢᠯᠭᠠᠯ ᠪᠤᠯᠤᠨ ᠬᠡᠯᠡᠨ ᠤ ᠵᠦᠢ ᠶᠢᠨ ᠤᠳᠬ᠎ᠠ ᠶᠢ ᠠᠩᠬ᠎ᠠ ᠤᠳᠠᠭ᠎ᠠ ᠳᠤᠷᠠᠳᠤᠨ ᠭᠠᠷᠭᠠᠵᠠᠢ᠃       5. ᠳᠡᠶᠢᠨ ᠢᠯᠭᠠᠯ ᠤᠨ ᠳᠠᠭᠠᠪᠤᠷᠢ ᠶᠢ ᠬᠡᠷᠡᠭᠯᠡᠬᠦ ᠳᠦᠷᠢᠮ ᠢ ᠨᠠᠷᠢᠨ ᠳᠠᠶᠢᠯᠪᠤᠷᠢᠯᠠᠬᠰᠠᠨ ᠪᠠᠶᠢᠨ᠎ᠠ᠃         6.ᠡᠭᠡᠰᠢᠭ ᠠᠪᠢᠶ᠎ᠠ ᠪᠤᠯᠤᠨ ᠬᠡᠶᠢᠬᠦᠯᠦᠭᠴᠢ ᠠᠪᠢᠶ᠎ᠠ ᠶᠢᠨ ᠠᠪᠢᠶᠠᠯᠠᠬᠤ ᠪᠠᠶᠢᠷᠢ ᠪᠠ ᠠᠪᠢᠶᠠᠯᠠᠬᠤ ᠠᠷᠭ᠎ᠠ ᠶᠢᠨ ᠤᠬᠠᠭᠠᠨ ᠢ ᠦᠨᠳᠦᠰᠦᠯᠡᠵᠦ᠂ ᠠᠯᠳᠠ᠂ ᠮᠤᠳᠤ᠂ ᠤᠰᠤ᠂ ᠭᠠᠯ᠂ ᠰᠢᠷᠦᠢ ᠵᠡᠷᠭᠡ ᠪᠠᠷ ᠮᠤᠩᠭᠤᠯ ᠬᠡᠯᠡᠨ ᠤ ᠠᠪᠢᠶ᠎ᠠ ᠶᠢ ᠠᠪᠢᠶᠠᠯᠠᠬᠤ ᠪᠠᠶᠢᠷᠢ ᠪᠠ ᠠᠪᠢᠶᠠᠯᠠᠬᠤ ᠠᠷᠭ᠎ᠠ ᠶᠢᠨ ᠳᠠᠯ᠎ᠠ ᠪᠠᠷ ᠳᠠᠪᠤᠨ ᠠᠩᠬᠢ ᠪᠠᠷ ᠠᠩᠬᠢᠯᠠᠵᠤ᠂ ᠳᠠᠪᠤᠨ ᠮᠠᠬᠠᠪᠤᠳ ᠤᠨ ᠠᠶᠢᠮᠠᠭ ᠪᠤᠯᠭᠠᠨ ᠬᠤᠪᠢᠶᠠᠷᠢᠯᠠᠵᠠᠢ᠃ ᠡᠶᠢᠮᠦ ᠠᠴᠠ ᠴᠤᠶᠢᠵᠢᠠᠤᠳᠰᠠᠷ ᠤᠨ ᠮᠤᠩᠭᠤᠯ ᠬᠡᠯᠡᠨ ᠤ ᠵᠦᠢ ᠶᠢ ᠪᠠᠰᠠ ᠮᠤᠩᠭᠤᠯ ᠦᠰᠦᠭ ᠪᠢᠴᠢᠭ ᠤᠨ ᠬᠤᠶᠠᠳᠤᠭᠠᠷ ︽ ᠵᠢᠷᠦᠬᠡᠨ ᠤ ᠳᠤᠯᠳᠤ ︾ ᠬᠡᠳᠡᠭ ᠶᠤᠮ᠃        1628 ᠤᠨ ᠠᠴᠠ ᠡᠮᠦᠨ᠎ᠡ ᠬᠦᠩᠭᠠᠠᠤᠳᠰᠠᠠᠷ ᠪᠠᠨᠳᠢᠳᠡ ᠯᠢᠭᠳᠡᠨ ᠬᠠᠭᠠᠨ ᠤ ᠵᠠᠷᠯᠢᠭ ᠢᠶᠠᠷ ︽ ᠭᠠᠨᠵᠤᠤᠷ︾ ᠰᠤᠳᠤᠷ ᠢ ᠤᠷᠴᠢᠭᠤᠯᠬᠤ ᠳᠤ ᠦᠰᠦᠭ ᠤᠨ ᠳᠢᠭ ᠬᠡᠯᠪᠡᠷᠢ᠂ ᠵᠦᠪ ᠪᠢᠴᠢᠯᠬᠡ ᠶᠢ ᠨᠢᠬᠡᠳᠬᠡᠬᠦ ᠶᠢᠨ ᠳᠦᠯᠦᠬᠡ ᠰᠢᠨ᠎ᠡ ︽ ᠵᠢᠷᠦᠬᠡᠨ ᠤ ᠳᠤᠯᠳᠤ ︾ ᠶᠢ ᠵᠤᠬᠢᠶᠠᠪᠠ᠃ ᠡᠬᠦᠨ ᠢ ᠪᠠᠰᠠ ᠮᠤᠩᠭᠤᠯ ᠦᠰᠦᠭ ᠪᠢᠴᠢᠭ ᠤᠨ ᠭᠤᠷᠪᠠᠳᠤᠭᠠᠷ ︽ ᠵᠢᠷᠦᠬᠡᠨ ᠤ ᠳᠤᠯᠳᠤ ︾ ᠬᠡᠳᠡᠭ᠃    
ᠢᠷᠡᠯᠲᠡ᠄ ᠬᠤᠯᠪᠤᠭ᠎ᠠ ᠪᠦᠷᠬᠡ