ᠮᠤᠩᠭᠤᠯ ᠦᠰᠦᠭ ᠪᠢᠴᠢᠭ ︵ᠭᠤᠷᠪᠠ︶
ᠨᠡᠶᠢᠲᠡᠯᠡᠭᠰᠡᠨ ᠴᠠᠭ᠄
2024/12/6
                   ᠮᠤᠩᠭᠤᠯ ᠦᠰᠦᠭ ᠪᠢᠴᠢᠭ ᠤᠨ ᠵᠢᠷᠦᠬᠡᠨ ᠤ ᠳᠤᠯᠳᠤ       ᠮᠠᠨ ᠤ ᠮᠤᠩᠭᠤᠯ ᠦᠰᠦᠭ ᠪᠢᠴᠢᠭ ᠢ ᠬᠡᠷᠡᠭᠯᠡᠭᠰᠡᠨ ᠬᠤᠭᠤᠴᠠᠭ᠎ᠠ ᠤᠷᠳᠤ ᠤᠳᠠᠭᠠᠨ ᠪᠤᠯᠪᠠᠴᠤ ᠳᠡᠬᠦᠨ ᠢ ᠰᠢᠰᠲ᠋ᠧᠮ ᠲᠠᠢ ᠡᠮᠬᠢᠳᠭᠡᠨ ᠰᠤᠳᠤᠯᠤᠬᠰᠠᠨ ᠬᠦᠮᠦᠨ ᠬᠤᠪᠤᠷ ᠪᠠᠶᠢᠳᠠᠭ᠃ ᠡᠨᠡ ᠳᠤᠬᠠᠢ ᠵᠠᠷᠢᠮ ᠳᠡᠦᠬᠡ ᠶᠢᠨ ᠳᠡᠮᠳᠡᠭᠯᠡᠯ ᠠᠴᠠ ᠦᠵᠡᠪᠡᠯ ᠳᠦᠪᠡᠳ ᠤᠨ ᠰᠡᠴᠡ ᠪᠠᠨᠳᠢᠳᠡ ᠬᠦᠩᠭᠠᠵᠠᠯᠽᠠᠨ13 ᠳ᠋ᠤᠭᠠᠷ ᠵᠠᠭᠤᠨ ᠤ ᠳᠤᠮᠳᠠᠴᠢ ᠦᠶ᠎ᠡ ᠪᠠᠷ ᠮᠤᠩᠭᠤᠯ ᠤᠷᠤᠨ ᠳᠤ ᠢᠷᠡᠵᠦ᠂ ᠮᠤᠩᠭᠤᠯ ᠦᠰᠦᠭ ᠢ ᠴᠢᠩᠭ᠎ᠠ᠂ ᠬᠦᠨᠳᠡᠢ᠂ ᠰᠠᠭᠠᠷᠮᠠᠭ ᠬᠡᠬᠦ ᠬᠡᠯᠡᠨ ᠤ ᠵᠦᠢ ᠶᠢᠨ ᠵᠤᠬᠢᠶᠠᠯ ᠪᠢᠴᠢᠵᠡᠢ ᠬᠡᠳᠡᠭ᠃ ᠳᠡᠶᠢᠮᠦ ᠠᠴᠠ ᠬᠦᠩᠭᠠᠵᠠᠯᠽᠠᠨ ᠤ ᠬᠡᠯᠡᠨ ᠵᠦᠢ ᠶᠢ ᠮᠤᠩᠭᠤᠯ ᠦᠰᠦᠭ ᠪᠢᠴᠢᠭ ᠤᠨ ᠨᠢᠬᠡᠳᠦᠬᠡᠷ ︽ ᠵᠢᠷᠦᠬᠡᠨ ᠤ ᠳᠤᠯᠳᠤ ︾ ᠬᠡᠳᠡᠭ ᠶᠤᠮ᠃          1305 ᠤᠨ ᠳᠤ ᠂ ᠴᠤᠶᠢᠵᠢᠠᠤᠳᠰᠠᠷ ᠪᠠᠨᠳᠢᠳᠡ ᠮᠤᠩᠭᠤᠯ ᠬᠡᠯᠡᠨ ᠤ ᠵᠦᠢ ᠪᠠ ᠪᠢᠴᠢᠯᠭᠡ ᠶᠢᠨ ᠳᠦᠷᠢᠮ ᠤᠨ ᠳᠠᠯ᠎ᠠ ᠪᠠᠷ ᠶᠡᠭᠡ ᠬᠡᠮᠵᠢᠶᠡᠨ ᠤ ᠦᠬᠡᠷᠡᠴᠢᠯᠡᠯᠳᠡ ᠬᠢᠵᠡᠢ᠃ 
ᠢᠷᠡᠯᠲᠡ᠄ ᠬᠤᠯᠪᠤᠭ᠎ᠠ ᠪᠦᠷᠬᠡ