ᠬᠤᠪᠢᠶᠠᠷᠢᠯᠠᠯ ︵ᠨᠠᠢᠮᠠ︶
ᠨᠡᠶᠢᠲᠡᠯᠡᠭᠰᠡᠨ ᠴᠠᠭ᠄
2024/12/6
     8. ᠡᠷᠬᠢᠮ ᠬᠦᠮᠦᠨ ᠲᠠᠢ ᠨᠦᠬᠦᠷᠯᠡ᠂ ᠠᠳᠠᠭ ᠬᠦᠮᠦᠨ ᠠᠴᠠ ᠵᠠᠶᠢᠯᠠᠵᠤ ᠶᠠᠪᠤᠭᠠᠷᠠᠢ᠃ ︽ᠡᠷᠬᠢᠮ ᠬᠦᠮᠦᠨ ᠡᠷᠴᠢᠮ ᠲᠠᠢ᠂ ᠠᠳᠠᠭ ᠤᠨ ᠬᠦᠮᠦᠨ ᠠᠲᠠᠭ᠎ᠠ  ᠲᠠᠢ︾ ᠭᠡᠳᠡᠭ ᠢᠶᠠᠷ ᠵᠠᠮ ᠳᠡᠭᠡᠷ᠎ᠡ ᠠᠭᠤᠯᠵᠠᠭᠰᠠᠨ ᠪᠦᠬᠦᠨ ᠰᠠᠶᠢᠨ ᠬᠦᠮᠦᠨ ᠪᠢᠰᠢ᠂ ᠡᠨᠡ ᠬᠤᠷᠸ᠎ᠠ ᠳᠤ ᠶᠠᠩᠵᠤ ᠶᠢᠨ ᠬᠦᠮᠦᠨ ᠪᠠᠶᠢᠳᠠᠭ ᠪᠦᠭᠡᠳ ᠲᠡᠳᠡ ᠴᠢᠮ᠎ᠠ  ᠳᠤ ᠠᠳᠠᠯᠢ ᠪᠣᠰᠣ ᠶᠢᠨ ᠦᠷ᠎ᠡ ᠳᠠᠭᠠᠪᠤᠷᠢ ᠠᠪᠴᠢᠷᠠᠨ᠎ᠠ᠃ ᠡᠷᠬᠢᠮ ᠬᠦᠮᠦᠨ ᠪᠤᠯ ᠡᠷᠬᠢᠮ ᠳᠡᠭᠡᠳᠤ ᠦᠵᠡᠯ ᠰᠠᠨᠠᠭ᠎ᠠ ᠲᠠᠢ᠂ ᠠᠯᠤᠰ ᠤᠨ ᠬᠠᠷᠠᠴᠠ ᠬᠤᠯᠠ ᠶᠢᠨ ᠪᠤᠳᠤᠯ ᠲᠠᠢ ᠦᠨᠳᠦᠷ ᠳᠡᠭᠡᠳᠦ ᠪᠤᠯᠪᠠᠰᠣᠷᠠᠯ ᠲᠠᠢ᠂ ᠰᠠᠶᠢᠨ ᠰᠠᠶᠢᠬᠠᠨ ᠢ ᠬᠦᠭᠡᠭᠡᠴᠡᠯᠳᠦᠵᠤ ᠪᠦᠲᠦᠭᠡᠬᠦ ᠪᠠᠷ ᠴᠢᠷᠮᠠᠶᠢᠳᠠᠭ ᠬᠦᠮᠦᠨ ᠲᠤᠯᠠ ᠲᠡᠳᠡ ᠲᠠᠨ ᠢ ᠦᠭᠡᠳᠡ  ᠨᠢ ᠲᠠᠲᠠᠵᠤ᠂ ᠡᠩ ᠦᠭᠡᠢ ᠰᠠᠶᠢᠬᠠᠨ ᠳᠤ ᠬᠦᠷᠭᠡᠳᠡᠭ ᠪᠠᠶᠢᠬᠤ ᠳᠤ ᠠᠳᠠᠭ ᠤᠨ ᠬᠦᠮᠦᠨ ᠪᠤᠯ ᠬᠦᠮᠦᠨ ᠢ ᠰᠠᠶᠢᠨ ᠲᠠᠢ ᠠᠲᠠᠭᠠᠷᠬᠠᠵᠤ ᠳᠠᠩᠳᠠ ᠬᠦᠮᠦᠨ ᠢ ᠠᠷᠤ  ᠪᠠᠷ ᠨᠢ ᠬᠤᠤᠷᠯᠠᠬᠤ ᠪᠠᠷ ᠭᠤᠤᠯ ᠬᠠᠷᠠᠯᠲᠠ ᠪᠠᠨ ᠪᠤᠯᠭᠠᠳᠠᠭ ᠲᠤᠯᠠ ᠲᠡᠳᠡ ᠲᠠᠨ ᠢ ᠤᠷᠤᠭᠤ ᠨᠢ ᠲᠠᠲᠠᠵᠤ ᠠᠯᠢ ᠮᠠᠭᠤ ᠮᠠᠭᠤᠬᠠᠢ ᠶᠢ ᠨᠠᠭᠠᠯᠳᠤᠭᠤᠯᠳᠠᠭ᠃ ᠰᠠᠶᠢᠬᠠᠨ ᠬᠤᠪᠴᠠᠰᠣ ᠡᠮᠦᠰᠬᠦ ᠳᠤ ᠰᠠᠶᠢᠬᠠᠨ ᠴᠦ ᠭᠬᠢᠷᠳᠦᠴᠢᠬᠡᠪᠡᠯ ᠮᠠᠭᠤᠬᠠᠢ ᠬᠠᠷᠠᠭᠳᠠᠬᠤ ᠶᠢᠨ ᠠᠳᠠᠯᠢ ᠲᠠᠨ ᠳᠤ ᠨᠠᠭᠠᠯᠳᠤᠭᠰᠠᠨ ᠮᠠᠭᠤ ᠮᠠᠭᠤᠬᠠᠢ ᠠᠷᠢᠯᠳᠠᠭ ᠦᠭᠡᠢ᠃ ᠲᠡᠭᠡᠬᠦ ᠪᠠᠷ ᠢᠶᠠᠨ ︽ᠬᠦᠮᠦᠨ ᠤ ᠮᠠᠭᠤᠬᠠᠢ ᠠᠷᠢᠯᠬᠤ ᠳᠤ ᠪᠡᠷᠬᠡ᠂ ᠲᠡᠭᠷᠢ ᠶᠢᠨ ᠮᠠᠭᠤᠬᠠᠢ ᠠᠷᠢᠯᠬᠤ ᠳᠤ ᠠᠮᠠᠷᠬᠠᠨ︾ ᠂ ︽ᠰᠠᠶᠢᠨ ᠲᠠᠢ ᠶᠠᠪᠤᠪᠠᠯ ᠰᠠᠷᠠᠨ  ᠤ ᠭᠡᠷᠡᠯ᠂ ᠮᠠᠭᠤ ᠲᠠᠢ ᠶᠠᠪᠤᠪᠠᠯ ᠮᠤᠭᠠᠢ ᠶᠢᠨ ᠬᠤᠤᠷ︾ ᠭᠡᠳᠡᠭ ᠪᠢᠯᠡ᠃
ᠢᠷᠡᠯᠲᠡ᠄ ᠬᠤᠯᠪᠤᠭ᠎ᠠ ᠪᠦᠷᠬᠡ