ᠬᠠᠳᠠᠭ ᠬᠡᠷᠡᠭᠯᠡᠬᠦ ᠶᠣᠰᠤ | | | ᠴᠡᠩᠬᠡᠷ ᠬᠠᠳᠠᠭ ᠢ ᠪᠤᠷᠬᠠᠨ ᠳᠤ ᠡᠷᠭᠦᠬᠦ᠂ ᠳᠠᠬᠢᠯ ᠤᠨ ᠢᠳᠡᠭᠡ ᠪᠦᠲᠦᠭᠡᠬᠦ᠂ ᠲᠠᠷᠨᠢᠳᠠᠭᠤᠯᠵᠤ ᠵᠡᠭᠦᠬᠦ ᠳᠤ ᠬᠡᠷᠡᠭᠯᠡᠨ᠎ᠡ᠃ ᠤᠯᠠᠭᠠᠨ ᠬᠠᠳᠠᠭ ᠢ ᠨᠠᠰᠤᠨ ᠤ ᠵᠠᠰᠠᠯ | ᠬᠢᠯᠭᠡᠬᠦ᠂ ᠰᠦᠯᠳᠡ ᠪᠠᠨ ᠳᠠᠭᠤᠳᠠᠭᠤᠯᠬᠤ ᠳᠤ ᠬᠡᠷᠡᠭᠯᠡᠨ᠎ᠡ᠃ ᠨᠣᠭᠤᠭᠠᠨ ᠴᠠᠭᠠᠨ ᠬᠠᠳᠠᠭ ᠢ ᠠᠷᠢᠭᠤᠰᠬᠠᠯ᠂ ᠬᠦᠨᠳᠦᠯᠡᠯ ᠳᠤ ᠭᠡᠷᠡᠭᠯᠡᠨ᠎ᠡ᠃ ᠰᠢᠷ᠎ᠠ ᠬᠠᠳᠠᠭ ᠢ | ᠱᠠᠰᠢᠨ ᠤ ᠵᠠᠩ ᠦᠢᠯᠡ ᠪᠣᠯᠣᠨ ᠡᠷᠭᠦᠯ ᠪᠠᠷᠢᠴᠠᠨ ᠳᠤ ᠬᠡᠷᠡᠭᠯᠡᠨ᠎ᠡ᠃ ᠬᠠᠷ᠎ᠠ ᠬᠠᠳᠠᠭ ᠢ ᠱᠠᠰᠢᠨ ᠤ ᠬᠠᠲᠠᠭᠤ ᠦᠢᠯᠡ ᠳᠤ ᠬᠡᠷᠡᠭᠯᠡᠳᠡᠭ᠃ ᠠᠶᠤᠰᠢ ᠬᠠᠳᠠᠭ ᠢ ᠡᠴᠢᠭᠡ | ᠡᠬᠡ ᠳᠡᠭᠡᠨ᠂ ᠰᠡᠷᠰᠢ ᠬᠠᠳᠠᠭ ᠢ ᠪᠠᠭᠰᠢ᠂ ᠶᠡᠬᠡᠰ ᠳᠡᠭᠡᠳᠦᠰ ᠲᠤ᠂ ᠨᠠᠮᠵᠤᠸᠠᠩᠳᠠᠨ ᠢ ᠲᠠᠯᠢᠭᠠᠭᠴᠢ ᠶᠢ ᠨᠤᠲᠤᠭᠯᠠᠭᠤᠯᠬᠤ ᠭᠠᠵᠠᠷ ᠠᠪᠬᠤ᠂ ᠠᠯᠲᠠᠨ ᠰᠠᠪᠠ | ᠲᠠᠶᠢᠯᠤᠭᠤᠯᠬᠤ᠂ ᠰᠠᠮᠪᠠᠢ ᠬᠠᠳᠠᠭ ᠢ ᠲᠠᠯᠢᠭᠠᠭᠴᠢ ᠶᠢᠨ ᠨᠢᠭᠤᠷ ᠪᠦᠲᠦᠭᠡᠬᠦ ᠲᠡᠷᠢᠭᠦᠲᠡᠨ ᠳᠤ ᠬᠡᠷᠡᠭᠯᠡᠳᠡᠭ᠃ ᠬᠡᠳᠦᠢ ᠲᠡᠶᠢᠮᠦ ᠠᠲᠤᠭᠠᠢ ᠴᠤ ᠮᠣᠩᠭᠤᠯ ᠬᠦᠮᠦᠨ | ᠴᠡᠩᠬᠡᠷ ᠬᠠᠳᠠᠭ ᠢ ᠡᠷᠬᠢᠮᠯᠡᠳᠡᠭ ᠃ ᠲᠥᠪᠡᠳ ᠬᠦᠮᠦᠨ ᠴᠠᠭᠠᠨ ᠬᠠᠳᠠᠭ ᠢ ᠡᠷᠬᠢᠮᠯᠡᠳᠡᠭ᠃ |