ᠬᠠᠳᠠᠭ ︵ᠨᠢᠭᠡ︶
ᠨᠡᠶᠢᠲᠡᠯᠡᠭᠰᠡᠨ ᠴᠠᠭ᠄
2024/12/6
     ᠬᠠᠳᠠᠭ ᠢ ᠠᠩᠬ᠎ᠠ ᠪᠢᠱᠦᠭᠠᠷᠮ᠎ᠠ ᠭᠡᠳᠡᠭ ᠬᠦᠮᠦᠨ ᠮᠢᠨᠳᠠᠰᠤ ᠪᠠᠷ ᠨᠡᠬᠡᠭᠰᠡᠨ ᠲᠡᠥᠬᠡ ᠲᠠᠢ᠃ ᠬᠠᠳᠠᠭ ᠭᠡᠵᠤ ︽ᠬᠠᠷᠠᠮᠵᠢ ᠥᠩᠭᠡ︾ ᠭᠡᠰᠡᠨ ᠲᠥᠪᠡᠳ ᠦᠭᠡ᠃ ᠬᠠᠳᠠᠭ ᠡᠨᠡᠳᠬᠡᠭ᠂ ᠬᠢᠲᠡᠳ ᠢᠶᠠᠷ ᠳᠠᠮᠵᠢᠨ ᠠᠷᠪᠠᠨ ᠭᠤᠷᠪᠠᠳᠤᠭᠠᠷ ᠵᠠᠭᠤᠨ ᠳᠤ ᠮᠣᠩᠭᠤᠯ ᠳᠤ ᠨᠡᠪᠲᠡᠷᠡᠵᠠᠢ᠃ ᠬᠠᠳᠠᠭ ᠢ ᠡᠳ᠋ ᠤᠨ ᠳᠡᠭᠡᠳᠤ ᠭᠡᠵᠤ ᠡᠷᠬᠢᠮᠯᠡᠳᠡᠭ᠃ ᠲᠡᠶᠢᠮᠦ ᠠᠴᠠ ︽ᠬᠠᠳᠠᠭ ᠶᠠᠪᠤᠵᠤ ᠪᠤᠷᠬᠠᠨ ᠳᠤ᠂ ᠬᠠᠷᠢᠶᠠᠯ ᠶᠠᠪᠤᠵᠤ ᠲᠣᠯᠤᠭᠠᠢ ᠳᠤ︾ ᠭᠡᠰᠡᠨ ᠶᠤᠮ᠃ ︽ᠡᠷ᠎ᠡ ᠬᠤᠶᠠᠷ ᠵᠠᠭᠠᠯ ᠤᠨ ᠲᠤᠭᠤᠵᠢ︾ ᠳᠤ ᠁ ︽ ᠰᠤᠳᠤ ᠡᠵᠡᠨ ᠴᠢᠩᠭᠢᠰ ᠬᠠᠭᠠᠨ ᠬᠢᠪ ᠲᠠᠲᠠᠵᠤ ᠰᠡᠲᠡᠷᠯᠡᠪᠡ︾ ᠭᠡᠰᠡᠨ ᠠᠴᠠ ᠦᠵᠡᠬᠦ ᠳᠤ ᠮᠣᠩᠭᠤᠯᠴᠣᠳ ᠬᠠᠳᠠᠭ ᠢ ᠬᠢᠪ ᠭᠡᠳᠡᠭ ᠪᠠᠶᠢᠵᠠᠢ᠃    
ᠢᠷᠡᠯᠲᠡ᠄ ᠬᠤᠯᠪᠤᠭ᠎ᠠ ᠪᠦᠷᠬᠡ