ᠡᠷᠳᠡᠨ ᠤ ᠮᠤᠩᠭᠤᠯ ᠤᠨ ᠵᠠᠩ ᠠᠭᠠᠯᠢ
ᠨᠡᠶᠢᠲᠡᠯᠡᠭᠰᠡᠨ ᠴᠠᠭ᠄
2024/12/6
     ᠪᠠᠰᠠ ᠨᠢᠭᠡ ᠵᠠᠩ ᠠᠭᠠᠯᠢ ᠨᠢ ᠪᠤᠯ ᠵᠤᠴᠢᠨ ᠢᠷᠡᠪᠡᠴᠦ ᠭᠡᠷ ᠤᠨ ᠡᠵᠡᠨ ᠨᠢ ᠦᠪᠡᠷ ᠤᠨ ᠤᠷᠤ ᠳᠠᠭᠠᠨ ᠰᠠᠭᠤᠳᠠᠯ ᠨᠡᠬᠦᠵᠦ ᠰᠠᠭᠤᠯᠭᠠᠬᠤ ᠦᠭᠡᠢ᠃ ᠢᠷᠡᠭᠰᠡᠨ ᠵᠤᠴᠢᠨ ᠴᠦ ᠭᠡᠷ ᠤᠨ ᠡᠵᠡᠨ ᠤ ᠤᠷᠤ ᠳᠤ ᠰᠠᠭᠤᠬᠤ ᠦᠭᠡᠢ᠃ ᠴᠠᠢ ᠪᠤᠳᠠᠭ᠎ᠠ ᠤᠣᠭᠤᠵᠦ ᠢᠳᠡᠬᠦ ᠴᠠᠭ ᠲᠤ ᠤᠷᠢᠳ ᠢᠶᠠᠷ ᠭᠡᠷ ᠤᠨ ᠡᠵᠡᠨ ᠳᠡᠭᠡᠨ ᠭᠢᠵᠦ ᠪᠠᠷᠢᠨ᠂ ᠡᠬᠦᠨ ᠤ ᠬᠤᠶᠢᠨ᠎ᠠ ᠰᠠᠶ᠋ᠢ ᠵᠤᠴᠢᠨ ᠳᠤ ᠪᠠᠷᠢᠨ᠎ᠠ᠃ ᠭᠡᠷ ᠤᠨ ᠡᠵᠡᠨ ᠬᠤᠨᠳᠠᠭ᠎ᠠ ᠡᠷᠬᠦᠵᠦ ᠵᠣᠴᠢᠨ ᠢ ᠡᠶᠡᠯᠡᠵᠦ ᠪᠡᠷᠢ ᠭᠡᠵᠦ ᠭᠡᠯᠡᠭᠰᠡᠨ ᠴᠠᠭ ᠵᠤᠴᠢᠨ ᠰᠠᠶ᠋ᠢ ᠬᠤᠨᠳᠠᠭ᠎ᠠ ᠠᠪᠴᠦ ᠶᠤᠰᠣ ᠭᠢᠵᠦ ᠮᠡᠬᠦᠶᠢᠨ ᠡᠶᠡᠯᠡᠭᠡᠳ ᠤᠣᠭᠤᠯᠴᠠᠳᠠᠭ᠃ ᠡᠳᠡᠭᠡᠷ ᠵᠠᠩ ᠵᠠᠩᠰᠢᠯ ᠨᠢ ᠴᠤᠬᠤᠮ ᠡᠷᠳᠡᠨ ᠠᠴᠠ ᠤᠯᠠᠮᠵᠢᠯᠠᠭᠰᠠᠨ ᠮᠤᠩᠭᠤᠯ ᠵᠠᠩ ᠠᠭᠠᠯᠢ ᠶᠤᠮ᠃
ᠢᠷᠡᠯᠲᠡ᠄ ᠬᠤᠯᠪᠤᠭ᠎ᠠ ᠪᠦᠷᠬᠡ