ᠠᠶᠢᠯ ᠠᠶᠢᠮᠠᠭ ᠨᠢ ᠬᠤᠷᠢᠮ ᠬᠤᠷᠠᠯ ᠭᠢᠬᠦ ᠦᠶᠡᠰ᠂ ᠵᠠᠯᠠᠭᠤ ᠬᠦᠮᠦᠰ ᠠᠴᠠ ᠠᠬᠠᠮᠠᠳ ᠨᠠᠰᠣᠳᠠᠨ ᠳᠠᠭᠠᠨ ᠠᠷᠢᠭᠢ ᠪᠠᠷᠢᠬᠤ ᠦᠶᠡᠰ ᠠᠬᠠᠮᠠᠳ ᠨᠠᠰᠣᠳᠠᠳ | ᠠᠴᠠ᠄ ︽ ᠡᠴᠢᠭᠡ ᠡᠭᠡ ᠳᠡᠭᠡᠨ ᠠᠴᠢᠯᠠᠯᠳᠠᠢ ᠶᠠᠪᠤ᠂ ᠡᠵᠡᠨ ᠨᠤᠶᠠᠨ ᠳᠠᠭᠠᠨ ᠵᠢᠳᠬᠦᠯᠳᠠᠢ ᠶᠠᠪᠤ᠂ ᠤᠯᠤᠰ ᠲᠦᠷᠦ ᠳᠡᠭᠡᠨ ᠪᠠᠭᠠᠳᠣᠷ ᠴᠣᠯᠠ ᠲᠠᠢ ᠶᠠᠪᠤ ︾ ᠭᠡᠵᠦ | ᠢᠷᠤᠭᠡᠨ ᠭᠡᠯᠡᠳᠡᠭ ᠵᠠᠩᠰᠢᠯ ᠲᠠᠢ ᠪᠢᠯᠡ᠃ ᠪᠠᠰᠠ ᠭᠡᠶᠢᠴᠢᠨ ᠠᠶᠢᠯᠴᠢᠯᠠᠨ ᠢᠷᠡᠵᠦ ᠠᠷᠢᠭᠢ ᠰᠠᠷᠬᠤᠳ ᠤᠣᠭᠤᠬᠤ ᠴᠠᠭ ᠲᠤ ᠵᠠᠯᠠᠭᠤᠰ ᠬᠦᠪᠡᠬᠦᠳ ᠨᠢ ᠠᠷᠢᠭᠢ | ᠨᠡᠷᠡᠵᠦ ᠪᠠᠷᠢᠬᠤ ᠳᠠᠭᠠᠨ ᠮᠦᠷᠬᠦᠬᠦ ᠳᠤ ᠨᠠᠰᠣᠳᠠᠳ ᠠᠴᠠ᠄ ︽ ᠡᠴᠢᠭᠡ ᠡᠭᠡ ᠳᠡᠭᠡᠨ ᠬᠦᠴᠦᠨ ᠪᠠᠷᠢᠵᠦ᠂ ᠡᠵᠡᠨ ᠨᠤᠶᠠᠨ ᠳᠠᠭᠠᠨ ᠭᠠᠪᠢᠶ᠎ᠠ ᠪᠠᠶᠢᠭᠤᠯᠵᠦ ᠶᠠᠪᠤ ︾ | ᠭᠡᠵᠦ ᠭᠡᠯᠡᠳᠡᠭ᠃ ᠭᠡᠷᠪᠡ ᠪᠡᠷᠢᠶᠡᠳ ᠬᠦᠮᠦᠨ ᠨᠠᠰᠣᠳᠠᠢ ᠡᠵᠢ ᠳᠡᠭᠡᠨ ᠲᠠᠷᠠᠰᠣ ᠰᠠᠷᠬᠤᠳ ᠪᠠᠷᠢᠵᠦ ᠮᠦᠷᠬᠦᠪᠡᠯ ᠨᠠᠰᠣᠳᠠᠨ ᠠᠴᠠ᠄ ︽ ᠡᠴᠢᠭᠡ ᠡᠭᠡ ᠪᠠᠨ ᠪᠠᠶᠠᠰᠬᠠᠵᠦ | ᠶᠠᠪᠤ᠂ ᠪᠤᠶᠠᠨᠳᠠᠢ ᠬᠦᠪᠡᠬᠦᠨ ᠲᠦᠷᠦᠵᠦ ᠵᠢᠷᠭᠠᠵᠦ ᠶᠠᠪᠤ︾ ᠭᠡᠵᠦ ᠢᠷᠦᠭᠡᠳᠡᠭ᠃ ᠭᠡᠷᠪᠡ ᠦᠬᠢᠨ ᠬᠦᠮᠦᠨ ᠡᠪᠦᠭᠡᠳ ᠡᠮᠡᠭᠡᠳ ᠲᠡᠭᠡᠨ ᠠᠷᠢᠭᠢ ᠰᠠᠷᠬᠤᠳ ᠨᠡᠷᠡᠵᠦ | ᠪᠠᠷᠢᠪᠠᠯ᠄ ︽ ᠰᠠᠶᠢᠨ ᠬᠦᠷᠭᠡᠨ ᠳᠤ ᠤᠴᠠᠷᠠᠵᠦ ᠨᠡᠷᠡᠳᠠᠢ ᠪᠠᠶᠠᠨ ᠶᠠᠪᠤ ︾ ᠭᠡᠵᠦ ᠢᠷᠤᠭᠡᠳᠡᠭ᠃ |