ᠡᠷᠳᠡᠨ ᠤ ᠮᠤᠩᠭᠤᠯ ᠤᠨ ᠵᠠᠩ ᠠᠭᠠᠯᠢ
ᠨᠡᠶᠢᠲᠡᠯᠡᠭᠰᠡᠨ ᠴᠠᠭ᠄
2024/12/6
     ᠡᠷᠳᠡᠨ ᠤ ᠮᠤᠩᠭᠤᠯᠴᠣᠳ ᠤᠨ ᠪᠠᠰᠠ ᠨᠢᠭᠡ ᠵᠠᠩ ᠠᠭᠠᠯᠢ ᠭᠡᠪᠡᠯ ᠬᠦᠭᠡ ᠴᠠᠭᠠᠨ ᠡᠳᠣᠷ ᠢ ᠶᠡᠭᠡ ᠴᠡᠭᠡᠷᠯᠡᠳᠡᠭ᠃ ᠲᠤᠬᠠᠶᠢᠯᠠᠪᠠᠯ ᠬᠦᠭᠡ ᠬᠤᠯᠤᠭᠠᠨ᠎ᠠ ᠡᠳᠤᠷ ᠪᠤᠶᠣ ᠴᠠᠭᠠᠨ ᠮᠣᠷᠢ ᠪᠤᠯᠣᠨ ᠴᠠᠭᠠᠨ ᠪᠢᠴᠢᠨ ᠡᠳᠣᠷ ᠢ ᠶᠡᠬᠡᠲᠡ ᠴᠡᠭᠡᠷᠯᠡᠨ᠎ᠡ᠃ ᠭᠡᠷᠪᠡ ᠬᠦᠭᠡ ᠴᠠᠭᠠᠨ ᠡᠳᠣᠷ ᠲᠤᠭᠢᠶᠠᠯᠳᠣᠭᠰᠠᠨ ᠪᠤᠯ ᠦᠭᠬᠦ ᠠᠪᠬᠤ ᠡᠳ᠋ ᠲᠠᠸᠠᠷ  ᠤᠨ ᠭᠡᠷᠡᠭ ᠢ ᠶᠠᠭᠠᠭᠢᠭᠰᠠᠨ ᠴᠦ ᠭᠢᠬᠦ ᠦᠭᠡᠢ᠃ ᠦᠷᠯᠤᠭᠡ ᠶᠢᠨ ᠴᠠᠢ ᠶᠢᠨ ᠤᠷᠢᠳ ᠶᠠᠭᠤᠮ᠎ᠠ ᠶᠢᠨ ᠵᠤᠶᠢᠯ ᠢ ᠭᠠᠳᠠᠭᠰᠢ ᠦᠭᠬᠦ ᠦᠭᠡᠢ᠂ ᠦᠳᠡᠰᠢ ᠬᠠᠷᠠᠩᠭᠤᠢ ᠪᠤᠯᠬᠤ ᠦᠶ᠎ᠡ ᠪᠠᠰᠠ ᠶᠠᠭᠤᠮ᠎ᠠ ᠶᠢᠨ ᠵᠤᠶᠢᠯ ᠢ ᠭᠠᠳᠠᠨ᠎ᠠ ᠭᠠᠷᠭᠠᠬᠤ ᠦᠭᠡᠢ᠃ ᠪᠡᠷᠢᠶᠡᠳ ᠪᠤᠯᠣᠭᠰᠠᠨ ᠬᠦᠮᠦᠨ ᠨᠢ ᠡᠴᠢᠭᠡ ᠡᠪᠦᠭᠡᠳ ᠤᠨ ᠨᠡᠷ᠎ᠡ ᠶᠢ ᠴᠡᠭᠡᠷᠯᠡᠵᠦ ᠶᠠᠪᠤᠨ᠎ᠠ᠃ ᠦᠯᠢᠭᠡᠷᠯᠡᠪᠡᠯ ᠡᠴᠢᠭᠡ ᠡᠪᠦᠭᠡᠳ ᠤᠨ ᠨᠡᠷ᠎ᠡ ᠨᠢ ︿︿ᠪᠠᠶᠠᠷ﹀﹀ ᠭᠡᠬᠦ ᠪᠤᠯ ︿︿ᠪᠠ﹀﹀ ᠪᠠᠷ ᠡᠭᠢᠯᠡᠭᠰᠡᠨ ᠦᠰᠦᠭ ᠢ ᠴᠡᠭᠡᠷᠯᠡᠨ᠎ᠡ᠃ ᠡᠭᠡᠨᠡᠷ ᠬᠦᠮᠦᠨ ᠲᠡᠭᠡᠰᠣ᠂ ᠠᠶᠠᠭ᠎ᠠ᠂ ᠭᠠᠯ ᠤᠨ ᠲᠡᠭᠡᠬᠦᠷ ᠠᠯᠬᠤᠵᠦ ᠭᠠᠷᠬᠤ ᠦᠭᠡᠢ᠂ ᠢᠷ ᠮᠡᠰᠡ ᠬᠠᠶᠢᠴᠢ ᠭᠢᠳᠤᠭ᠎ᠠ ᠶᠢᠨ ᠢᠷ ᠢ ᠭᠠᠳᠠᠭᠰᠢ ᠪᠤᠶᠣ ᠬᠦᠮᠦᠨ ᠡᠰᠡᠷᠭᠦ ᠬᠠᠨᠳᠣᠭᠤᠯᠵᠦ ᠲᠠᠯᠪᠢᠬᠤ .ᠦᠭᠡᠢ᠃   
ᠢᠷᠡᠯᠲᠡ᠄ ᠬᠤᠯᠪᠤᠭ᠎ᠠ ᠪᠦᠷᠬᠡ