ᠦᠯᠣᠭᠡᠢ ᠶᠢᠨ ᠲᠡᠪᠢᠰᠭᠡᠷ ᠢ ᠵᠣᠬᠢᠶᠠᠬᠤ ᠳᠠᠭᠠᠨ ᠴᠡᠪᠡᠷᠯᠡᠵᠦ ᠬᠠᠳᠠᠭᠠᠭᠰᠠᠨ ᠰᠠᠭᠠᠭ ᠤᠨ ᠬᠠᠯᠢᠰᠣ ᠶᠢ ᠪᠦᠰ ᠣᠭᠤᠲᠠᠨ ᠳᠤ ᠰᠠᠪᠠᠯᠠᠵᠣ ᠣᠶᠣᠭᠠᠳ ᠬᠠᠮᠤᠭ ᠤᠨ | ᠲᠣᠣᠷ᠎ᠠ ᠨᠢ ᠲᠡᠪᠢᠰᠣᠨᠡ᠃ ᠡᠨᠡ ᠨᠢ ᠴᠢᠬᠢᠭ ᠢ ᠰᠡᠷᠭᠡᠶᠢᠯᠡᠵᠣ᠂ ᠬᠠᠯᠠᠭᠤᠨ ᠢ ᠲᠠᠷᠬᠠᠭᠠᠬᠤ ᠦᠢᠯᠡᠳᠣᠯ ᠲᠠᠢ᠃ ᠲᠠᠷᠠᠭ᠎ᠠ ᠨᠢ ᠬᠤᠴᠢᠯᠭ᠎ᠠ ᠶᠢᠨ ᠨᠢᠭᠡ ᠦᠵᠣᠭᠦᠷ ᠢ | ᠦᠯᠣᠭᠡᠢ ᠶᠢᠨ ᠲᠣᠯᠣᠭᠠᠢ ᠣᠷᠣᠭᠤ ᠬᠠᠨᠳᠣᠭᠤᠯᠤᠨ ᠲᠡᠯᠭᠡᠵᠦ ᠲᠠᠯᠪᠢᠭᠠᠳ᠂ ᠲᠡᠭᠡᠷ᠎ᠡ ᠨᠢ ᠬᠠᠯᠠᠭᠤᠯᠵᠣ ᠬᠠᠭᠤᠷᠠᠶᠢᠯᠠᠭᠰᠠᠨ ᠮᠠᠩᠬᠠᠨ ᠰᠢᠷᠣᠢ ᠪᠠᠨ ᠲᠡᠭᠰᠢᠯᠡᠨ | ᠲᠡᠪᠢᠰᠴᠣ᠂ ᠬᠡᠣᠬᠡᠳ ᠤᠨ ᠲᠣᠯᠣᠭᠠᠢ ᠶᠢ ᠦᠯᠣᠭᠡᠢ ᠶᠢᠨ ᠬᠠᠶᠠᠭ᠎ᠠ ᠳᠤ ᠲᠣᠯᠭᠠᠨ ᠬᠡᠣᠬᠡᠳ ᠢᠶᠠᠨ ᠬᠡᠪᠳᠡᠬᠦᠯᠦᠨ᠎ᠡ᠃ ᠡᠨᠡ ᠨᠢ ᠬᠦᠩᠭᠡᠵᠢᠯᠲᠡ ᠠᠴᠠ ᠪᠣᠯᠣᠭᠰᠠᠨ | ᠬᠡᠣᠬᠡᠳ ᠤᠨ ᠲᠣᠯᠣᠭᠠᠢ ᠬᠡᠳᠦᠷᠬᠡᠢ ᠭᠤᠵᠤᠭᠠᠷ ᠪᠣᠯᠣᠭᠰᠠᠨ ᠢ ᠵᠠᠯᠠᠷᠠᠭᠤᠯᠬᠤ ᠦᠢᠯᠠᠳᠣᠯ ᠲᠠᠢ᠃ ᠲᠡᠪᠢᠰᠦᠭᠰᠡᠨ ᠮᠠᠩᠬ᠎ᠠ ᠰᠢᠷᠣᠢ ᠨᠢ ᠬᠡᠣᠬᠡᠳ ᠲᠤ ᠲᠠᠭᠠᠲᠠᠢ | ᠮᠦᠷᠲᠡᠭᠡᠨ ᠰᠢᠭᠡᠰᠣ ᠶᠢ ᠰᠢᠩᠭᠡᠭᠡᠬᠦ ᠦᠢᠯᠡᠳᠦᠯ ᠲᠠᠢ᠃ ᠬᠡᠣᠬᠡᠳ ᠢᠶᠠᠨ ᠴᠢᠩᠭ᠎ᠠ ᠪᠠᠭᠯᠠᠭᠠᠳ ᠦᠯᠣᠭᠡᠢ ᠶᠢᠨ ᠠᠷᠠᠯ ᠳᠤ ᠵᠣᠬᠢᠶᠠᠭᠰᠠᠨ ᠪᠦᠰᠡ ᠪᠠᠷ ᠴᠢᠩᠭ᠎ᠠ | ᠲᠠᠷᠣᠭᠤᠯᠣᠨ ᠣᠶᠠᠨ᠎ᠠ᠂ ᠡᠨᠡ ᠨᠢ ᠬᠡᠣᠬᠡᠳ ᠤᠨ ᠬᠦᠯ ᠮᠣᠷᠣᠢ ᠪᠣᠯᠬᠤ ᠠᠴᠠ ᠰᠡᠷᠭᠡᠶᠢᠯᠡᠨ᠎ᠡ᠃ ᠦᠯᠣᠭᠡᠢ ᠪᠠᠨ ᠬᠦᠩᠭᠡᠨ ᠬᠦᠳᠡᠯᠭᠡᠵᠣ᠂ ᠬᠡᠣᠬᠡᠳ ᠢᠶᠠᠨ ᠠᠮᠲᠠᠳᠣ | ᠨᠦᠢᠷ ᠲᠤᠨᠢ ᠣᠷᠣᠭᠤᠯᠣᠨᠡ᠃ ᠣᠳᠣ ᠠᠮᠢᠳᠣᠷᠠᠯ ᠤᠨ ᠨᠦᠬᠦᠴᠡᠯ ᠰᠠᠶᠢᠵᠢᠷᠠᠭᠰᠠᠨ ᠲᠣᠯᠠ ᠰᠢᠭᠡᠰᠣ ᠠᠭᠤᠰᠬᠠᠬᠤ ᠪᠦᠰ ᠢᠶᠠᠷ ᠮᠠᠩᠬ᠎ᠠ ᠰᠢᠷᠣᠢ ᠶᠢ | ᠣᠷᠣᠯᠠᠭᠤᠯᠬᠤ ᠨᠢ ᠣᠯᠠᠨ ᠪᠣᠯᠵᠠᠢ᠃ ᠮᠣᠩᠭᠤᠯᠴᠣᠳ ᠤᠨ ᠬᠡᠣᠬᠡᠳ ᠢᠶᠠᠨ ᠦᠯᠦᠭᠡᠶᠢᠳᠡᠵᠦ ᠦᠰᠭᠡᠬᠦ ᠶᠣᠰᠣ ᠨᠢ ᠦᠷ᠎ᠡ ᠬᠡᠣᠬᠡᠳ ᠢᠶᠠᠨ ᠡᠷᠡᠭᠦᠯ ᠰᠠᠶᠢᠬᠠᠨ ᠪᠡᠶ᠎ᠡ | ᠲᠦᠷᠬᠦ ᠲᠠᠢ ᠪᠣᠯᠭᠠᠨ ᠲᠣᠷᠨᠢᠭᠤᠯᠣᠨ ᠪᠤᠶᠢᠵᠢᠭᠤᠯᠬᠤ ᠳᠤ ᠬᠡᠮᠵᠢᠶᠡᠯᠡᠰᠢ ᠦᠭᠡᠢ ᠦᠢᠯᠡᠳᠣᠯ ᠴᠢᠳᠠᠪᠣᠷᠢ ᠪᠠᠨ ᠦᠵᠡᠭᠦᠯᠦᠭᠰᠡᠨ ᠪᠠᠶᠢᠨ᠎ᠠ᠃ ︵ᠤᠷᠳᠤᠰ ᠮᠤᠩᠭᠤᠯ | ᠰᠦᠯᠵᠢᠶ᠎ᠠ︶ |