ᠮᠣᠩᠭᠤᠯᠴᠣᠳ ᠨᠢᠯᠬ᠎ᠠ ᠬᠡᠣᠬᠡᠳ ᠢᠶᠠᠨ ᠦᠯᠣᠭᠡᠶᠢᠳᠡᠵᠣ ᠦᠰᠭᠡᠬᠦ ᠶᠢ ᠡᠷᠬᠢᠮᠯᠡᠳᠡᠭ᠃ ᠦᠯᠣᠭᠡᠢ ᠶᠢᠨ ᠬᠤᠶᠠᠷ ᠠᠷᠠᠯ ᠨᠢ ᠬᠤᠶᠠᠷ ᠲᠣᠬᠤᠢ ᠢᠯᠡᠭᠦᠣ ᠣᠷᠲᠣ᠂ | ᠲᠣᠣᠷ᠎ᠠ ᠲᠠᠯ᠎ᠠ ᠨᠢ ᠬᠠᠭᠠᠰ ᠨᠣᠮᠣᠨ ᠬᠡᠯᠪᠡᠷᠢᠲᠠᠢ ᠮᠣᠳᠣᠨ ᠬᠠᠪᠲᠠᠰᠣ ᠪᠠᠷ ᠪᠦᠳᠦᠭᠰᠡᠨ ᠪᠦᠭᠡᠳ ᠬᠤᠶᠠᠷ ᠠᠷᠠᠯ ᠲᠡᠭᠡᠷ᠎ᠡ ᠨᠢ ᠭᠤᠶᠣᠮᠰᠤᠭ ᠵᠢᠵᠢᠭ ᠴᠣᠩᠬᠤ ᠣᠷᠠᠯᠠᠨ | ᠵᠠᠰᠠᠭᠰᠠᠨ ᠪᠠᠶᠢᠳᠠᠭ᠃ ᠨᠣᠮᠣᠨ ᠬᠡᠯᠪᠡᠷᠢᠲᠠᠢ ᠠᠷᠠᠯ ᠤᠨ ᠢᠷᠣᠭᠠᠷ ᠨᠢ ᠦᠯᠣᠭᠡᠢ ᠪᠠᠨ ᠬᠦᠳᠡᠯᠭᠡᠬᠦ ᠳᠤ ᠦᠢᠯᠡᠳᠣᠯ ᠲᠠᠢ᠂ ᠠᠷᠠᠯ ᠲᠡᠭᠡᠷᠡᠬᠢ ᠵᠢᠵᠢᠭ ᠴᠣᠩᠬᠤ ᠨᠢ | ᠨᠢᠯᠬ᠎ᠠ ᠬᠡᠣᠬᠡᠳ ᠢᠶᠠᠨ ᠲᠠᠷᠣᠨ ᠣᠶᠠᠬᠤ ᠳᠤ ᠬᠡᠷᠡᠭᠯᠡᠨ᠎ᠡ᠃ | ᠦᠯᠣᠭᠡᠢ ᠬᠢᠬᠦ ᠮᠣᠳᠣ ᠶᠢ ᠵᠠᠪᠠᠯ ᠦᠷᠡᠯᠡᠬᠦ ᠮᠣᠳᠣ ᠰᠣᠩᠭᠤᠨ᠎ᠠ᠂ ᠦᠯᠣᠭᠡᠢ ᠶᠢᠨ ᠲᠣᠯᠣᠭᠠᠢ ᠨᠢ ᠬᠠᠪᠢᠷᠭᠠᠨ ᠰᠠᠷ᠎ᠠ ᠬᠡᠯᠪᠡᠷᠢᠲᠠᠢ᠂ ᠪᠣᠷᠭᠠᠰᠣ ᠶᠢ | ᠮᠠᠳᠠᠶᠢᠯᠭᠠᠭᠰᠠᠨ ᠤ ᠲᠠᠷᠠᠭ᠎ᠠ ᠣᠯᠠᠭᠠᠨ ᠪᠣᠶᠣ ᠴᠠᠭᠠᠨ ᠪᠦᠰ ᠢᠶᠠᠷ ᠪᠦᠷᠬᠦᠨ ᠣᠶᠣᠵᠣ᠂ ᠬᠦᠣ ᠪᠣᠯ ᠮᠣᠷᠢ᠂ ᠪᠦᠷᠭᠦᠳ ᠵᠡᠷᠭᠡ ᠠᠮᠢᠲᠠᠨ ᠣᠷᠠᠯᠠᠨ ᠣᠶᠣᠵᠣ᠂ | ᠡᠷᠡᠯᠬᠡᠭ ᠪᠠᠭᠠᠲᠣᠷ ᠭᠡᠶᠢᠮᠤᠷᠢ ᠲᠠᠢ ᠪᠣᠯᠬᠤ ᠶᠢ ᠪᠡᠯᠭᠡᠳᠡᠳᠡᠭ᠃ ᠦᠬᠢᠨ ᠪᠣᠯ ᠬᠤᠸᠠᠷ ᠴᠡᠴᠡᠭ᠂ ᠮᠣᠳᠣ ᠣᠷᠭᠤᠮᠠᠯ ᠬᠠᠳᠬᠤᠨ ᠣᠶᠣᠵᠣ᠂ ᠰᠡᠴᠡᠨ ᠰᠡᠷᠭᠦᠯᠡᠭ ᠭᠤᠶᠣ | ᠬᠡᠭᠡᠨᠴᠢᠷ ᠪᠣᠯᠬᠤ ᠶᠢ ᠨᠢ ᠵᠦᠩᠨᠡᠳᠡᠭ᠃ ᠦᠯᠣᠭᠡᠢ ᠶᠢᠨ ᠲᠣᠯᠣᠭᠠᠢ ᠳᠤ ᠪᠠᠰᠠ ᠲᠣᠯᠢ᠂ ᠪᠠᠷᠰ ᠤᠨ ᠰᠠᠪᠠᠷ᠂ ᠢᠮᠠᠭᠠᠨ ᠡᠪᠡᠷ᠂ ᠬᠤᠨᠢᠨ ᠱᠠᠭ᠎ᠠ ᠡᠯᠭᠦᠳᠡᠭ ᠨᠢ ᠭᠠᠢ | ᠪᠠᠷᠴᠢᠳ ᠢ ᠠᠷᠢᠯᠭᠠᠵᠣ᠂ ᠠᠮᠣᠷ ᠲᠠᠶᠢᠪᠣᠭ᠌ ᠢ ᠬᠦᠰᠡᠨ ᠪᠡᠯᠭᠡᠳᠡᠭᠰᠠᠨ ᠰᠠᠨᠠᠭ᠎ᠠ ᠪᠣᠯᠣᠨ᠎ᠠ᠃ ᠣᠳᠣ ᠴᠦ ᠭᠡᠳ ᠦᠯᠣᠭᠡᠢ ᠶᠢᠨ ᠲᠣᠯᠣᠭᠠᠢ ᠳᠤ ᠲᠣᠯᠢ ᠡᠯᠭᠦᠬᠦ ᠨᠢ | ᠨᠡᠯᠢᠶᠡᠳ ᠬᠠᠳᠠᠭᠠᠯᠠᠭᠳᠠᠵᠣ ᠪᠠᠶᠢᠨ᠎ᠠ᠃ ᠬᠦᠣ ᠲᠠᠢ ᠪᠣᠯᠪᠠᠯ ᠨᠠᠭᠠᠴᠣ ᠠᠴᠠ ᠨᠢ ᠦᠯᠣᠭᠡᠢ ᠬᠦᠷᠭᠡᠳᠡᠭ᠂ ᠡᠨᠡ ᠨᠢ ᠡᠷᠲᠡᠨ ᠤ ᠦᠶ᠎ᠡ ᠶᠢᠨ ᠬᠦᠣ ᠶᠢ ᠬᠦᠨᠳᠣᠳᠬᠡᠵᠣ | ᠬᠡᠣᠬᠡᠨ ᠢ ᠬᠦᠩᠭᠡᠪᠴᠢᠯᠡᠬᠦ ᠨᠠᠵᠠᠭᠠᠢ ᠲᠠᠯ᠎ᠠ ᠠᠴᠠ ᠪᠣᠯᠣᠭᠰᠠᠨ ᠪᠠᠶᠢᠬ᠎ᠠ᠃ ᠣᠳᠣ ᠨᠡᠶᠢᠭᠡᠮ ᠤᠨ ᠬᠦᠭᠵᠢᠯᠲᠡ ᠪᠣᠯᠣᠨ ᠡᠷᠡᠭᠲᠠᠢ ᠡᠮᠡᠭᠲᠠᠢ ᠶᠢ ᠡᠷᠬᠡ ᠲᠡᠭᠰᠢ ᠦᠵᠡᠬᠦ | ᠪᠣᠯᠣᠭᠰᠠᠨ ᠠᠴᠠ ᠬᠦᠣ ᠬᠡᠣᠬᠡᠨ ᠭᠡᠵᠣ ᠢᠯᠭᠠᠯ ᠦᠭᠡᠢ᠂ ᠨᠠᠭᠠᠴᠣ ᠠᠴᠠ ᠨᠢ ᠦᠯᠣᠭᠡᠢ ᠬᠦᠷᠭᠡᠵᠣ᠂ ᠬᠠᠶᠢᠷᠠᠯᠠᠨ ᠰᠠᠨᠠᠵᠣ ᠪᠠᠶᠢᠬᠤ ᠰᠡᠳᠬᠢᠯ ᠢᠶᠠᠨ ᠢᠯᠡᠳᠬᠡᠬᠦ | ᠪᠣᠯᠵᠠᠢ᠃ ᠪᠠᠰᠠ ᠵᠠᠷᠢᠮ ᠨᠢ ᠰᠢᠨ᠎ᠡ ᠦᠯᠣᠭᠡᠢ ᠬᠡᠷᠡᠭᠯᠡᠬᠦ ᠦᠭᠡᠢ᠂ ᠲᠣᠰᠬᠠᠶᠢᠯᠠᠨ ᠣᠯᠠᠨ ᠬᠡᠣᠬᠡᠳ ᠦᠯᠣᠭᠡᠶᠢᠳᠡᠵᠣ ᠦᠩᠭᠡᠷᠡᠭᠰᠡᠨ ᠦᠯᠣᠭᠡᠢ ᠵᠢᠭᠡᠯᠡᠵᠣ | ᠦᠯᠣᠭᠡᠶᠢᠳᠡᠳᠡᠭ᠂ ᠣᠯᠠᠨ ᠬᠡᠣᠬᠡᠳ ᠦᠯᠣᠭᠡᠶᠢᠳᠡᠵᠣ ᠦᠰᠭᠡᠭᠰᠡᠨ ᠦᠯᠣᠭᠡᠢ ᠬᠡᠣᠬᠡᠳ ᠲᠤᠨᠢ ᠦᠯᠵᠡᠢ ᠪᠡᠯᠭᠡ ᠠᠪᠴᠢᠷᠠᠨ᠎ᠠ ᠭᠡᠵᠣ ᠦᠵᠡᠳᠡᠭ᠃ |