1. ᠬᠠᠲᠠᠭᠤ ᠪᠡᠶᠡᠲᠦ ᠢᠯᠭᠠᠳᠠᠰᠤᠨ ᠪᠣᠷᠳᠣᠭᠤᠷ ᠤᠨ ᠡᠷᠦᠳᠡᠰᠦᠵᠢᠬᠦ ᠶᠠᠪᠤᠴᠠ᠄ ᠬᠠᠲᠠᠭᠤ ᠪᠡᠶᠡᠲᠦ ᠢᠯᠭᠠᠳᠠᠰᠤᠨ ᠪᠣᠷᠳᠣᠭᠤᠷ ᠤᠨ ᠡᠷᠦᠳᠡᠰᠦᠵᠢᠬᠦ | ᠶᠠᠪᠤᠴᠠ ᠨᠢ ᠬᠥᠷᠥᠰᠥ ᠰᠢᠷᠣᠢ ᠣᠷᠣᠭᠤᠯᠬᠤ ᠣᠷᠭᠠᠨᠢᠭ ᠪᠣᠷᠳᠣᠭᠤᠷ ᠢ ᠮᠢᠺᠷᠣᠪ ᠢᠶᠠᠷ ᠰᠢᠭᠦᠷᠡᠭᠦᠯᠬᠦ ᠢᠰᠬᠡᠭᠦᠷ ᠵᠡᠷᠭᠡ ᠦᠢᠯᠡᠳᠦᠯ ᠳᠣᠣᠷ᠎ᠠ ᠣᠷᠭᠠᠨᠢᠭ ᠪᠣᠳᠠᠰ ᠢ | ᠬᠠᠮᠤᠭ ᠤᠨ ᠳᠥᠭᠦᠮ ᠬᠢᠮᠢ ᠶᠢᠨ ᠨᠢᠭᠡᠳᠪᠦᠷᠢ ᠪᠣᠯᠭᠠᠨ ᠵᠠᠳᠠᠷᠠᠭᠤᠯᠵᠤ᠂ ᠬᠠᠮᠤᠭ ᠡᠴᠦᠰ ᠲᠤ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ᠂ ᠤᠰᠤ ᠪᠠ | ᠡᠷᠦᠳᠡᠰᠦ ᠶᠢᠨ ᠰᠢᠮ᠎ᠡ ᠲᠡᠵᠢᠭᠡᠯ ᠪᠣᠯᠭᠠᠨ ᠵᠠᠳᠠᠷᠠᠬᠤ ᠶᠢᠨ ᠬᠠᠮᠲᠤ ᠡᠨᠧᠷᠭᠢ ᠡᠭᠦᠰᠬᠡᠳᠡᠭ᠃ ᠡᠶᠢᠮᠦᠷᠬᠦ ᠶᠠᠪᠤᠴᠠ ᠨᠢ ᠤᠷᠭᠤᠮᠠᠯ ᠪᠠ ᠮᠢᠺᠷᠣᠪ ᠲᠤ ᠰᠢᠮ᠎ᠡ ᠲᠡᠵᠢᠭᠡᠯ | ᠪᠠ ᠬᠥᠳᠡᠯᠭᠡᠭᠡᠨᠲᠦ ᠡᠨᠧᠷᠭᠢ ᠬᠠᠩᠭᠠᠵᠤ᠂ ᠨᠢᠭᠡ ᠬᠡᠰᠡᠭ ᠡᠴᠦᠰ ᠤᠨ ᠪᠦᠲᠦᠭᠡᠭᠳᠡᠬᠦᠨ ᠪᠤᠶᠤ ᠵᠠᠪᠰᠠᠷ ᠤᠨ ᠪᠦᠲᠦᠭᠡᠭᠳᠡᠬᠦᠨ ᠨᠢ ᠬᠥᠷᠥᠰᠥ ᠰᠢᠷᠣᠢ ᠶᠢᠨ ᠰᠢᠨᠵᠢ | ᠴᠢᠨᠠᠷ ᠢ ᠰᠢᠭᠤᠳ ᠪᠤᠶᠤ ᠳᠠᠮ ᠢᠶᠠᠷ ᠨᠥᠯᠥᠭᠡᠯᠡᠬᠦ ᠶᠢᠨ ᠬᠠᠮᠲᠤ ᠢᠯᠵᠢᠮᠡᠭ ᠡᠳ᠋ ᠤᠨ ᠢᠷᠡᠯᠲᠡ ᠶᠢ ᠬᠠᠩᠭᠠᠳᠠᠭ᠃ ᠬᠦᠷᠦᠰᠦ ᠰᠢᠷᠤᠢ ᠶᠢᠨ ᠣᠷᠭᠠᠨᠢᠭ ᠪᠣᠳᠠᠰ ᠤᠨ | ᠡᠷᠦᠳᠡᠰᠦᠵᠢᠬᠦ ᠶᠠᠪᠤᠴᠠ ᠨᠢ ᠰᠠᠶᠢᠨ ᠨᠥᠬᠦᠴᠡᠯ ᠳᠣᠣᠷ᠎ᠠ ᠶᠠᠪᠤᠭᠳᠠᠪᠠᠯ ᠬᠤᠷᠳᠤᠴᠠ ᠨᠢ ᠬᠤᠷᠳᠤᠨ᠂ ᠵᠠᠳᠠᠷᠠᠬᠤ ᠨᠢ ᠪᠦᠷᠢᠮᠦᠰᠦᠨ᠂ ᠶᠡᠭᠡ ᠬᠡᠮᠵᠢᠶᠡᠨ ᠤ ᠢᠯᠴᠢ | ᠡᠨᠧᠷᠬᠢ ᠲᠠᠯᠪᠢᠵᠤ᠂ ᠬᠤᠣᠷᠲᠤ ᠪᠣᠳᠠᠰ ᠭᠠᠷᠭᠠᠬᠤ ᠦᠭᠡᠢ ᠪᠠᠶᠢᠳᠠᠭ︔ ᠮᠠᠭᠤ ᠨᠥᠬᠦᠴᠡᠯ ᠳᠣᠣᠷ᠎ᠠ᠂ ᠡᠨᠡᠬᠦ ᠡᠷᠦᠳᠡᠰᠦᠵᠢᠬᠦ ᠶᠠᠪᠤᠴᠠ ᠨᠢ ᠠᠯᠭᠤᠷ ᠤᠳᠠᠭᠠᠨ᠂ | ᠵᠠᠳᠠᠷᠠᠬᠤ ᠨᠢ ᠪᠦᠷᠢᠮᠦᠰᠦᠨ ᠦᠭᠡᠢ᠂ ᠡᠨᠧᠷᠭᠢ ᠪᠠᠭ᠎ᠠ ᠭᠠᠷᠭᠠᠳᠠᠭ᠂ ᠵᠠᠳᠠᠷᠠᠭᠰᠠᠨ ᠪᠣᠳᠠᠰ ᠨᠢ ᠨᠡᠭᠦᠷᠡᠰᠦᠲᠦ᠋ᠢᠷᠥᠭᠴᠢ ᠶᠢᠨ ᠳᠠᠪᠬᠤᠷ ᠢᠰᠤᠯ᠂ ᠤᠰᠤ ᠪᠣᠯᠣᠨ | ᠡᠷᠦᠳᠡᠰᠦ ᠶᠢᠨ ᠰᠢᠮ᠎ᠡ ᠲᠡᠵᠢᠭᠡᠯ ᠠᠴᠠ ᠭᠠᠳᠠᠨ᠎ᠠ ᠪᠠᠰᠠ ᠤᠤᠯ ᠤᠨ ᠴᠢᠨᠠᠷ ᠪᠦᠬᠦᠢ ᠬᠤᠣᠷᠲᠤ ᠪᠣᠳᠠᠰ ᠡᠭᠦᠰᠳᠡᠭ᠂ ᠲᠤᠬᠠᠶᠢᠯᠠᠪᠠᠯ ᠮᠧᠲ᠋ᠠᠨ᠂ ᠬᠦᠬᠦᠷᠲᠦ | ᠤᠰᠤᠲᠦ᠋ᠢᠷᠥᠭᠴᠢ ᠵᠡᠷᠭᠡ ᠪᠣᠯᠣᠨ᠎ᠠ᠃ | 2. ᠬᠠᠲᠠᠭᠤ ᠪᠡᠶᠡᠲᠦ ᠢᠯᠭᠠᠳᠠᠰᠤᠨ ᠪᠣᠷᠳᠣᠭᠤᠷ ᠢ ᠢᠯᠵᠠᠷᠠᠭᠤᠯᠬᠤ ᠶᠠᠪᠤᠴᠠ᠄ ᠬᠠᠲᠠᠭᠤ ᠪᠡᠶᠡᠲᠦ ᠢᠯᠭᠠᠳᠠᠰᠤᠨ ᠪᠣᠷᠳᠣᠭᠤᠷ ᠢ ᠢᠯᠵᠠᠷᠠᠭᠤᠯᠬᠤ ᠶᠠᠪᠤᠴᠠ ᠳᠤ | ᠬᠥᠷᠥᠰᠥ ᠰᠢᠷᠣᠢ ᠶᠢᠨ ᠮᠢᠺᠷᠣᠪ ᠠᠴᠠ ᠢᠯᠭᠠᠷᠠᠭᠤᠯᠤᠭᠰᠠᠨ ᠢᠰᠬᠡᠭᠦᠷ ᠤᠨ ᠦᠢᠯᠡᠳᠦᠯ ᠳᠣᠣᠷ᠎ᠠ᠂ ᠣᠷᠭᠠᠨᠢᠭ ᠪᠣᠳᠠᠰ ᠢ ᠵᠠᠳᠠᠷᠠᠭᠤᠯᠤᠭᠰᠠᠨ ᠠᠴᠠ ᠪᠤᠶ ᠪᠣᠯᠤᠭᠰᠠᠨ | ᠳᠥᠭᠦᠮ ᠬᠢᠮᠢ ᠶᠢᠨ ᠨᠢᠭᠡᠳᠪᠦᠷᠢ ᠪᠣᠯᠣᠨ ᠮᠢᠺᠷᠣᠪ ᠤᠨ ᠠᠮᠢ ᠨᠠᠰᠤᠨ ᠤ ᠠᠵᠢᠯᠯᠠᠭᠠᠨ ᠤ ᠪᠦᠲᠦᠭᠡᠭᠳᠡᠬᠦᠨ ᠨᠢ ᠢᠯᠵᠢᠮᠡᠭ ᠡᠳ᠋ ᠪᠣᠯᠵᠤ ᠬᠤᠪᠢᠷᠠᠳᠠᠭ᠃ ᠬᠥᠷᠥᠰᠥ | ᠰᠢᠷᠣᠢ ᠶᠢᠨ ᠢᠯᠵᠢᠮᠡᠭ ᠡᠳ᠋ ᠤᠨ ᠪᠦᠷᠢᠯᠳᠦᠬᠦ ᠨᠢ ᠶᠡᠷᠦ ᠳᠡᠭᠡᠨ ᠬᠤᠶᠠᠷ ᠱᠠᠲᠤ ᠬᠤᠪᠢᠶᠠᠳᠠᠭ᠄ ᠨᠢᠭᠡᠳᠦᠭᠡᠷ ᠱᠠᠲᠤ᠂ ᠮᠢᠺᠷᠣᠪ ᠨᠢ ᠣᠷᠭᠠᠨᠢᠭ ᠵᠡᠮᠳᠡᠭ ᠪᠡᠶᠡᠲᠦ ᠶᠢ | ᠵᠠᠳᠠᠷᠠᠭᠤᠯᠬᠤ ᠶᠢᠨ ᠬᠠᠮᠲᠤ ᠨᠡᠯᠢᠶᠡᠳ ᠳᠥᠭᠦᠮ ᠣᠷᠭᠠᠨᠢᠭ ᠨᠢᠭᠡᠳᠪᠦᠷᠢ ᠪᠣᠯᠭᠠᠨ ᠬᠤᠪᠢᠷᠠᠭᠤᠯᠵᠤ᠂ ᠨᠢᠭᠡ ᠬᠡᠰᠡᠭ ᠨᠢ ᠡᠷᠦᠳᠡᠰᠦᠵᠢᠬᠦ ᠦᠢᠯᠡᠳᠦᠯ ᠢᠶᠠᠷ ᠡᠴᠦᠰ ᠤᠨ | ᠪᠦᠲᠦᠭᠡᠭᠳᠡᠬᠦᠨ ᠪᠤᠯᠵᠤ ᠬᠤᠪᠢᠷᠠᠬᠤ ᠦᠶ᠎ᠡ ᠳᠤ᠂ ᠮᠢᠺᠷᠣᠪ ᠤᠨ ᠲᠤᠰ ᠪᠡᠶ᠎ᠡ ᠶᠢᠨ ᠠᠮᠢ ᠨᠠᠰᠤᠨ ᠤ ᠠᠵᠢᠯᠯᠠᠭ᠎ᠠ ᠨᠢ ᠪᠠᠰᠠ ᠳᠠᠬᠢᠨ ᠨᠡᠶᠢᠯᠡᠭᠰᠡᠨ ᠪᠦᠲᠦᠭᠡᠭᠳᠡᠬᠦᠨ ᠪᠠ | ᠰᠣᠯᠢᠯᠴᠠᠭᠠᠨ ᠤ ᠪᠦᠲᠦᠭᠡᠭᠳᠡᠬᠦᠨ ᠡᠭᠦᠰᠳᠡᠭ᠃ ᠬᠤᠶᠠᠳᠤᠭᠠᠷ ᠱᠠᠲᠤ᠂ ᠳᠠᠬᠢᠨ ᠨᠡᠶᠢᠯᠡᠵᠦ ᠪᠦᠷᠢᠯᠳᠦᠭᠰᠡᠨ ᠨᠢ ᠭᠤᠣᠯᠳᠠᠭᠤ ᠦᠨᠦᠷᠲᠦ ᠪᠣᠳᠠᠰ ᠪᠠ ᠠᠽᠣᠲ | ᠠᠭᠤᠯᠤᠭᠰᠠᠨ ᠤᠭᠤᠷᠠᠭ ᠤᠨ ᠲᠥᠷᠥᠯ ᠤᠨ ᠪᠣᠳᠠᠰ ᠪᠠᠶᠢᠵᠤ᠂ ᠠᠪᠴᠢᠮᠠᠯ ᠢᠯᠵᠠᠷᠠᠮᠠᠯ ᠮᠣᠯᠧᠺᠦ᠋ᠯ ᠪᠣᠯᠣᠨ᠎ᠠ᠃ ᠢᠯᠵᠢᠮᠡᠭ ᠡᠳ᠋ ᠨᠢ ᠬᠠᠷ᠎ᠠ ᠬᠦᠷᠡᠩ ᠥᠩᠭᠡ ᠶᠢᠨ | ᠴᠠᠷᠴᠠᠮᠠᠯ ᠴᠠᠪᠠᠤᠯᠢᠭ ᠪᠣᠳᠠᠰ ᠪᠠᠶᠢᠵᠤ᠂ ᠬᠠᠷᠢᠴᠠᠩᠭᠤᠢ ᠪᠠᠷ ᠮᠣᠯᠧᠺᠦ᠋ᠯ ᠤᠨ ᠶᠠᠰᠤ ᠴᠢᠨᠠᠷ ᠨᠢ ᠶᠡᠭᠡ᠂ ᠣᠯᠠᠨ ᠵᠦᠢᠯ ᠤᠨ ᠣᠷᠭᠠᠨᠢᠭ ᠬᠦᠴᠢᠯ ᠤᠨ ᠦᠨᠳᠦᠰᠦ ᠶᠢᠨ | ᠢᠶᠤᠨ᠂ ᠵᠢᠭᠳᠡ ᠪᠤᠰᠤ ᠴᠢᠨᠠᠷ ᠲᠠᠢ ᠲᠣᠭᠲᠠᠮᠠᠯ ᠪᠤᠰᠤ ᠠᠭᠰᠢᠨ ᠪᠥᠭᠡᠭᠡᠨᠡᠷᠡᠯ ᠪᠦᠲᠦᠭᠡᠭᠳᠡᠬᠦᠨ ᠪᠣᠯᠣᠨ᠎ᠠ᠃ ᠵᠣᠬᠢᠬᠤ ᠨᠥᠬᠦᠴᠡᠯ ᠳᠣᠣᠷ᠎ᠠ ᠡᠷᠦᠳᠡᠰᠦ ᠶᠢᠨ | ᠴᠠᠪᠠᠤᠯᠢᠭ ᠪᠡᠶᠡᠲᠦ ᠲᠠᠢ ᠤᠶᠠᠯᠳᠤᠵᠤ ᠣᠷᠭᠠᠨᠢᠭ ᠪᠤᠰᠤ ᠨᠡᠶᠢᠯᠡᠮᠡᠯ ᠭᠤᠮ ᠴᠣᠭᠴᠠ ᠪᠣᠯᠳᠠᠭ᠃ ᠢᠯᠵᠢᠮᠡᠭ ᠡᠳ᠋ ᠨᠢ ᠵᠣᠬᠢᠬᠤ ᠨᠥᠬᠦᠴᠡᠯ ᠳᠣᠣᠷ᠎ᠠ ᠴᠤ | ᠡᠷᠦᠳᠡᠰᠦᠵᠢᠵᠦ ᠵᠠᠳᠠᠷᠠᠳᠠᠭ᠂ ᠭᠡᠪᠡᠴᠦ ᠵᠠᠳᠠᠷᠠᠬᠤ ᠨᠢ ᠨᠡᠯᠢᠶᠡᠳ ᠤᠳᠠᠭᠠᠨ ᠪᠠᠶᠢᠳᠠᠭ᠂ ᠬᠦᠷᠦᠰᠦ ᠰᠢᠷᠤᠢ ᠶᠢᠨ ᠣᠷᠭᠠᠨᠢᠭ ᠪᠣᠳᠠᠰ ᠤᠨ ᠳᠣᠲᠣᠷᠠᠬᠢ ᠬᠠᠮᠤᠭ ᠤᠨ | ᠲᠣᠭᠲᠠᠭᠤᠨ ᠪᠦᠷᠢᠯᠳᠦᠭᠦᠨ ᠮᠥᠨ᠃ |