ᠶᠠᠮᠠᠷᠪᠠ ᠨᠢᠭᠡ ᠵᠦᠢᠯ ᠤᠨ ᠪᠣᠷᠳᠣᠭᠤᠷ ᠨᠢ ᠴᠥᠮ ᠲᠠᠷᠢᠮᠠᠯ ᠤᠨ ᠦᠨᠳᠦᠰᠦᠨ ᠰᠢᠰᠲ᠋ᠧᠮ ᠳᠤ ᠮᠠᠭᠤ ᠨᠥᠯᠥᠭᠡ ᠦᠵᠡᠭᠦᠯᠵᠦ ᠮᠡᠳᠡᠨ᠎ᠡ ᠭᠡᠵᠦ ᠬᠡᠯᠡᠵᠦ ᠪᠣᠯᠣᠨ᠎ᠠ᠂ | ᠡᠨᠡ ᠨᠢ ᠭᠤᠣᠯᠳᠠᠭᠤ ᠬᠡᠳᠦᠢ ᠣᠷᠣᠭᠤᠯᠤᠭᠰᠠᠨ ᠭᠡᠮᠵᠢᠶ᠎ᠡ ᠠᠴᠠ ᠦᠵᠡᠳᠡᠭ᠃ ᠶᠡᠭᠡ ᠬᠡᠮᠵᠢᠶᠡᠨ ᠤ ᠪᠣᠷᠳᠣᠭᠤᠷ ᠲᠠᠷᠢᠮᠠᠯ ᠤᠨ ᠦᠨᠳᠦᠰᠦᠨ ᠬᠡᠰᠡᠭ ᠲᠤ ᠲᠥᠪᠯᠡᠷᠡᠵᠦ᠂ | ᠪᠣᠷᠳᠣᠭᠤᠷ ᠲᠠᠢ ᠣᠶᠢᠷᠠᠲᠤᠭᠰᠠᠨ ᠦᠨᠳᠦᠰᠦᠨ ᠳᠤ ᠤᠰᠤ ᠳᠤᠲᠠᠭᠳᠠᠭᠤᠯᠳᠠᠭ ᠪᠣᠯᠬᠤᠷ ᠲᠠᠷᠢᠮᠠᠯ ᠤᠨ ᠦᠨᠳᠦᠰᠦ ᠶᠢᠨ ᠰᠢᠰᠲ᠋ᠧᠮ ᠳᠤ ᠮᠠᠭᠤ ᠨᠥᠯᠥᠭᠡ ᠦᠵᠡᠭᠦᠯᠬᠦ | ᠪᠣᠯᠣᠨ᠎ᠠ᠃ | ᠰᠢᠭᠡᠰᠦᠯᠢᠭ ᠡᠳ᠋ ᠢ ᠬᠥᠷᠥᠰᠥᠨ ᠳᠤ ᠣᠷᠤᠭᠤᠯᠤᠭᠰᠠᠨ ᠤ ᠳᠠᠷᠠᠭ᠎ᠠ ᠦᠨᠳᠦᠰᠦ ᠶᠢ ᠨᠢ ᠰᠢᠲᠠᠭᠠᠬᠤ ᠦᠵᠡᠭᠳᠡᠯ ᠭᠠᠷᠬᠤ ᠠᠴᠠ ᠵᠠᠶᠢᠯᠠᠰᠬᠢᠵᠦ᠂ ᠬᠥᠷᠥᠰᠥ | ᠰᠢᠷᠣᠢ ᠨᠢ ᠭᠦᠢᠴᠡᠳ ᠬᠡᠮᠵᠢᠶᠡᠨ ᠤ ᠤᠰᠤ ᠠᠭᠤᠯᠬᠤ ︵ᠶᠡᠷᠦ ᠳᠤ ᠪᠠᠨ 70%-80% ᠣᠷᠴᠢᠮ︶ ᠪᠠᠳᠤᠯᠠᠬᠤ ᠬᠡᠷᠡᠭᠲᠡᠢ᠂ ᠡᠰᠡ ᠲᠡᠭᠡᠪᠡᠯ ᠰᠢᠭᠡᠰᠦᠯᠢᠭ | ᠡᠳ᠋ ᠤᠨ ᠤᠰᠤ ᠵᠠᠳᠠᠷᠠᠬᠤ ᠬᠤᠷᠳᠤᠴᠠ ᠶᠢ ᠨᠥᠯᠥᠭᠡᠯᠡᠵᠦ᠂ ᠪᠣᠷᠳᠣᠭᠤᠷ ᠤᠨ ᠦᠢᠯᠡᠳᠦᠯ ᠢ ᠪᠠᠳᠠᠷᠠᠭᠤᠯᠬᠤ ᠶᠢ ᠨᠥᠯᠥᠭᠡᠯᠡᠬᠦ ᠪᠣᠯᠣᠨ᠎ᠠ᠃ ᠬᠡᠷᠪᠡ ᠬᠥᠷᠥᠰᠥ | ᠰᠢᠷᠣᠢ ᠨᠢ ᠨᠡᠯᠢᠶᠡᠳ ᠭᠠᠩ ᠬᠠᠭᠤᠷᠠᠢ ᠪᠠᠶᠢᠪᠠᠯ᠂ ᠰᠢᠭᠡᠰᠦᠯᠢᠭ ᠡᠳ᠋ ᠣᠷᠣᠭᠤᠯᠤᠭᠰᠠᠨ ᠤ ᠳᠠᠷᠠᠭ᠎ᠠ ᠬᠥᠷᠥᠰᠥ ᠰᠢᠷᠣᠢ ᠶᠢ ᠵᠣᠬᠢᠰᠲᠠᠢ ᠤᠰᠤᠯᠠᠵᠤ᠂ ᠪᠣᠷᠳᠣᠭᠤᠷ ᠤᠨ | ᠦᠢᠯᠡᠳᠦᠯ ᠢ ᠪᠠᠳᠠᠷᠠᠭᠤᠯᠬᠤ ᠬᠡᠷᠡᠭᠲᠡᠢ᠃ ᠰᠢᠭᠡᠰᠦᠯᠢᠭ ᠡᠳ᠋ ᠲᠠᠬᠢ ᠠᠽᠣᠲ ᠡᠳ᠋ ᠨᠢ ᠠᠮᠠᠷᠬᠠᠨ ᠠᠭᠤᠷᠰᠢᠨ ᠳᠡᠭᠳᠡᠬᠦ ᠤᠴᠢᠷ ᠠᠴᠠ ᠰᠢᠭᠡᠰᠦᠯᠢᠭ ᠡᠳ᠋ ᠢ | ᠬᠡᠷᠡᠭᠯᠡᠭᠰᠡᠨ ᠤ ᠳᠠᠷᠠᠭ᠎ᠠ ᠭᠤᠤ ᠮᠠᠯᠲᠠᠨ ᠰᠢᠷᠣᠢ ᠪᠦᠷᠬᠦᠪᠡᠯ ᠵᠤᠬᠢᠨ᠎ᠠ᠃ ᠰᠢᠭᠡᠰᠦᠯᠢᠭ ᠡᠳ᠋ ᠨᠢ ᠵᠥᠪᠬᠡᠨ ᠠᠽᠣᠲ ᠡᠳ᠋ ︵ᠴᠡᠪᠡᠷ ᠠᠽᠣᠲ ᠠᠭᠤᠯᠤᠭᠳᠠᠵᠤ | ᠪᠠᠶᠢᠭ᠎ᠠ ᠨᠢ ᠶᠡᠷᠦ ᠳᠤ ᠪᠠᠨ 46%︶ ᠠᠭᠤᠯᠤᠭᠳᠠᠳᠠᠭ ᠪᠤᠯᠬᠤᠷ ᠹᠣᠰᠹᠣᠷ ᠬᠦᠴᠢᠯ ᠤᠨ ᠺᠠᠯᠼ᠂ ᠾᠯᠣᠷᠲᠤ ᠺᠠᠯᠢ ᠪᠤᠶᠤ ᠬᠦᠬᠦᠷ ᠬᠦᠴᠢᠯ ᠤᠨ ᠺᠠᠯᠢ᠂ ᠡᠰᠡᠬᠦᠯ᠎ᠡ | ᠢᠯᠵᠠᠷᠠᠨ ᠪᠣᠯᠪᠠᠰᠤᠷᠠᠭᠤᠯᠬᠤ ᠮᠠᠯ ᠵᠢᠭᠦᠷᠲᠡᠨ ᠤ ᠢᠯᠭᠠᠳᠠᠰᠤᠨ ᠪᠣᠷᠳᠣᠭᠤᠷ ᠲᠠᠢ ᠵᠣᠬᠢᠰᠲᠠᠢ ᠬᠤᠯᠢᠯᠳᠠᠭᠤᠯᠤᠨ ᠬᠡᠷᠡᠭᠯᠡᠵᠦ ᠪᠣᠯᠳᠠᠭ᠃ | ᠰᠢᠭᠡᠰᠦᠯᠢᠭ ᠡᠳ᠋ ᠢ ᠬᠠᠭᠤᠷᠠᠢ ᠪᠠᠷ ᠬᠡᠷᠡᠭᠯᠡᠪᠡᠯ ᠦᠨᠳᠦᠰᠦ ᠶᠢ ᠰᠢᠲᠠᠭᠠᠬᠤ ᠠᠰᠠᠭᠤᠳᠠᠯ ᠳᠤ ᠴᠢᠭᠯᠡᠭᠦᠯᠦᠨ᠂ ᠲᠡᠭᠦᠨ ᠤ ᠠᠭᠤᠯᠵᠤ ᠪᠠᠶᠢᠭ᠎ᠠ ᠠᠽᠣᠲ ᠤᠨ | ᠡᠯᠧᠮᠧᠨ᠋ᠲ ᠨᠢ ᠤᠷᠭᠤᠮᠠᠯ ᠤᠨ ᠤᠰᠤ ᠶᠢ ᠠᠯᠳᠠᠭᠤᠯᠳᠠᠭ ᠪᠣᠯᠬᠤᠷ ᠬᠡᠷᠡᠭᠯᠡᠬᠦ ᠳᠡᠭᠡᠨ ᠤᠰᠤᠯᠠᠬᠤ ᠲᠠᠢ ᠤᠶᠠᠯᠳᠤᠭᠤᠯᠪᠠᠯ ᠬᠠᠮᠤᠭ ᠰᠠᠶᠢᠨ ᠪᠠᠶᠢᠵᠤ᠂ ᠪᠠᠰᠠ | ᠦᠨᠳᠦᠰᠦᠨ ᠠᠴᠠ ᠬᠤᠶᠠᠷ ᠭᠤᠷᠪᠠᠨ ᠢᠮᠠᠬᠤ ᠬᠤᠯᠠ ᠭᠠᠵᠠᠷ ᠲᠤ ᠪᠣᠷᠳᠣᠭᠤᠷ ᠤᠷᠤᠭᠤᠯᠬᠤ ᠬᠡᠷᠡᠭᠲᠡᠢ︔ ᠬᠡᠷᠪᠡ ᠵᠠᠪᠠᠯ ᠬᠠᠭᠤᠷᠠᠢ ᠪᠠᠷ ᠣᠷᠤᠭᠤᠯᠬᠤ ᠴᠢᠬᠤᠯᠠᠳᠠᠢ | ᠪᠤᠯ ᠬᠠᠮᠤᠭ ᠰᠠᠶᠢᠨ ᠨᠢ ᠦᠳᠡ ᠶᠢᠨ ᠬᠤᠶᠢᠨ᠎ᠠ ᠪᠣᠷᠳᠣᠭᠤᠷ ᠣᠷᠣᠭᠤᠯᠬᠤ ᠶᠢ ᠰᠤᠩᠭᠤᠬᠤ ᠬᠡᠷᠡᠭᠲᠡᠢ᠂ ᠢᠩᠭᠢᠪᠡᠯ ᠰᠥᠨᠢ ᠶᠢᠨ ᠰᠢᠭᠦᠳᠡᠷᠢ ᠳᠤ ᠰᠢᠭᠡᠰᠦᠯᠢᠭ ᠡᠳ᠋ | ᠠᠭᠤᠰᠴᠤ᠂ ᠬᠥᠷᠥᠰᠥ ᠰᠢᠷᠣᠢ ᠳᠤ ᠰᠢᠩᠭᠡᠭᠳᠡᠳᠡᠭ᠃ |