ᠮᠤᠩᠭᠤᠯ ᠤᠨ ᠡᠯ᠎ᠠ ᠠᠶᠢᠮᠠᠭ ᠤᠨ ᠢᠷᠡᠯ ᠭᠠᠷᠤᠯ ᠤᠨ ᠳᠤᠬᠠᠢ ︵ᠠᠷᠪᠠᠨ ᠭᠤᠷᠪᠠ︶
ᠨᠡᠶᠢᠲᠡᠯᠡᠭᠰᠡᠨ ᠴᠠᠭ᠄
2024/11/17
     ᠠᠷᠪᠠᠨ ᠭᠤᠷᠪᠠ᠂ ᠬᠠᠯᠬ᠎ᠠ᠄ ᠬᠠᠯᠬ᠎ᠠ ᠠᠯᠢ ᠡᠷᠳᠡᠨ ᠠᠴᠠ ᠬᠠᠯᠬ᠎ᠠ ᠭᠤᠤᠯ ᠤᠨ ᠤᠷᠤᠰᠬᠠᠯ ᠲᠠᠭᠠᠤ ᠮᠠᠯᠵᠢᠨ ᠠᠮᠢᠳᠤᠷᠠᠵᠤ ᠪᠠᠶᠢᠭᠰᠠᠨ ᠢᠶᠠᠷ ᠨᠢ ᠬᠠᠯᠬ᠎ᠠ ᠭᠡᠰᠡᠨ ᠨᠡᠷᠡᠶᠢᠳᠦᠯ ᠲᠠᠢ ᠪᠤᠯᠵᠠᠢ᠃ ᠬᠠᠯᠬ᠎ᠠ ᠳᠤ ᠠᠷᠤ ᠲᠤᠯᠤᠭᠠᠨ ᠤᠳᠤᠭ ᠪᠠ ᠦᠪᠦᠷ ᠲᠠᠪᠤᠨ ᠤᠳᠤᠭ ᠭᠡᠵᠤ ᠠᠷᠪᠠᠨ ᠬᠤᠶᠠᠷ ᠤᠳᠤᠭ ᠲᠠᠢ᠃ ᠵᠠᠯᠠᠶᠢᠷ᠂ ᠪᠠᠰᠤᠳ᠂ ᠡᠯᠵᠢᠬᠢᠨ᠂ ᠭᠤᠷᠯᠤᠰ᠂ ᠬᠦᠬᠡᠶᠢᠳ᠂ ᠬᠠᠳᠠᠬᠢᠨ᠂ ᠤᠷᠢᠶᠠᠩᠬᠠᠨ ᠭᠡᠵᠤ ᠠᠷᠤ ᠲᠤᠯᠤᠭᠠᠨ ᠤᠳᠤᠭ ᠬᠠᠯᠬ᠎ᠠ ᠪᠠᠶᠢᠭᠰᠠᠨ ᠠᠴᠠ ᠰᠡᠭᠦᠯᠡᠷ ᠨᠢ ᠳᠠᠩᠭᠤᠳ᠂ ᠰᠠᠷᠳᠠᠭᠤᠯ᠂ ᠭᠡᠷᠡᠭᠦᠳ ᠵᠡᠷᠭᠡ ᠰᠢᠨ᠎ᠠ ᠤᠳᠤᠭ ᠤᠳ ᠭᠠᠷᠤᠭᠠᠳ ᠠᠷᠪᠠᠨ ᠭᠤᠷᠪᠠᠨ ᠤᠳᠤᠭ ᠪᠤᠯᠪᠠ᠃ ᠦᠪᠦᠷ ᠲᠠᠪᠤᠨ ᠤᠳᠤᠭ ᠭᠡᠵᠤ ᠵᠠᠷᠤᠳ᠂ ᠪᠠᠭᠠᠷᠢᠨ᠂ ᠬᠤᠩᠬᠢᠷᠠᠳ᠂ ᠪᠠᠶᠠᠭᠤᠳ᠂ ᠦᠵᠢᠶᠡᠳ ᠢ ᠵᠢᠭᠠᠵᠤ ᠪᠤᠢ᠃ ᠬᠠᠯᠬ᠎ᠠ ᠭᠤᠤᠯ ᠤᠨ ᠵᠡᠭᠦᠨ ᠬᠦᠪᠡᠭᠡ ᠪᠠᠷ ᠨᠤᠳᠤᠭᠯᠠᠵᠤ ᠪᠠᠶᠢᠭᠰᠠᠨ ᠦᠪᠤᠷ ᠲᠠᠪᠤᠨ ᠬᠠᠯᠬ᠎ᠠ ᠪᠤᠯ ᠲᠠᠶᠠᠨ ᠬᠠᠭᠠᠨ ᠤ ᠵᠢᠷᠭᠤᠳᠤᠭᠠᠷ ᠬᠦᠪᠡᠭᠦᠨ ᠠᠯᠴᠤᠪᠤᠯᠤᠳ ᠤᠨ ᠬᠠᠷᠢᠶᠠᠳᠤ ᠪᠤᠯᠤᠨ᠎ᠠ᠃ 1547 ᠤᠨ ᠠᠴᠠ ᠬᠤᠶᠢᠰᠢ᠂ ᠲᠠᠷᠠᠶᠢᠰᠤᠨ ᠭᠦᠳᠡᠨ ᠬᠠᠭᠠᠨ ᠪᠠᠷᠠᠭᠤᠨ ᠭᠤᠷᠪᠠᠨ ᠲᠦᠮᠡᠨ ᠤ ᠰᠦᠷ ᠬᠦᠴᠦᠨ ᠠᠴᠠ ᠵᠠᠶᠢᠯᠠᠵᠤ᠂ ᠴᠠᠬᠠᠷ ᠲᠦᠮᠡᠨ ᠢᠶᠠᠨ ᠠᠪᠴᠤ᠂ ᠵᠡᠭᠦᠨᠰᠢ ᠨᠡᠭᠦᠳᠡᠯᠯᠡᠨ ᠰᠢᠷᠠᠮᠦ᠋ᠷᠡᠨ ᠤ ᠰᠠᠪᠠ ᠭᠠᠵᠠᠷ ᠲᠤ ᠪᠠᠶᠢᠭᠰᠠᠨ ᠤᠷᠢᠶᠠᠩᠬᠠᠢ ᠵᠡᠷᠭᠡ ᠭᠤᠷᠪᠠᠨ ᠤᠢ ᠳᠤ ᠶᠡᠬᠡᠬᠡᠨ ᠴᠤᠬᠢᠯᠳᠠ ᠦᠭᠭᠦᠭᠰᠡᠨ ᠲᠤᠬᠢᠶᠠᠯ ᠢ ᠵᠠᠪᠰᠢᠵᠤ᠂ ᠠᠯᠴᠤᠪᠤᠯᠤᠳ ᠤᠨ ᠬᠦᠪᠡᠭᠦᠨ ᠬᠤᠷᠬᠠᠢ ᠬᠠᠰᠠᠷ ᠲᠠᠪᠤᠨ ᠤᠳᠤᠭ ᠬᠠᠯᠬ᠎ᠠ ᠪᠠᠨ ᠲᠠᠭᠠᠭᠤᠯᠤᠨ ᠡᠮᠦᠨᠡᠰᠢᠯᠡᠵᠤ᠂ ᠤᠩᠯᠢᠭᠤᠳ ᠤᠢ ᠪᠠ ᠦᠵᠢᠶᠡᠳ ᠤᠢ ᠶᠢᠨ ᠬᠠᠭᠤᠴᠢᠨ ᠨᠤᠳᠤᠭ ᠢ ᠪᠤᠯᠢᠶᠠᠵᠤ ᠡᠵᠡᠯᠡᠭᠡᠳ ᠮᠢᠩ ᠤᠯᠤᠰ ᠤᠨ ᠺᠠᠶᠢᠶᠤᠸᠠᠨ᠂ ᠲᠢᠶᠧ ᠯᠢᠩ᠂ ᠮᠦᠭᠳᠡᠨ᠂ ᠯᠢᠶᠤᠤᠨᠢᠩ᠂ ᠭᠤᠸᠠᠩᠨᠢᠩ ᠤᠨ ᠬᠢᠵᠠᠭᠠᠷ ᠤᠨ ᠭᠠᠳᠠᠭᠤᠷ ᠨᠤᠳᠤᠭᠯᠠᠭᠠᠳ ᠦᠪᠦᠷ ᠮᠤᠩᠭᠤᠯ ᠤᠨ ᠵᠡᠬᠦᠨ ᠬᠡᠰᠡᠭ ᠤᠨ ᠤᠯᠤᠰ ᠲᠦᠷᠤ ᠶᠢᠨ ᠪᠦᠯᠦᠭ ᠲᠤ ᠪᠠᠭᠳᠠᠬᠤ ᠪᠤᠯᠪᠠ᠃ ᠬᠠᠯᠬ᠎ᠠ ᠭᠤᠤᠯ ᠤᠨ ᠪᠠᠷᠠᠭᠤᠨ ᠬᠦᠪᠡᠭᠡ ᠪᠠ ᠬᠡᠷᠤᠯᠤᠨ ᠮᠦᠷᠡᠨ ᠤ ᠬᠦᠪᠡᠭᠡ ᠪᠠᠷ ᠨᠡᠭᠦᠳᠡᠯᠯᠡᠨ ᠮᠠᠯᠵᠢᠵᠤ ᠪᠠᠶᠢᠭᠰᠠᠨ ᠨᠦᠭᠦᠭᠡ ᠲᠤᠯᠤᠭᠠᠨ ᠤᠳᠤᠭ ᠬᠠᠯᠬ᠎ᠠ ᠨᠢ ᠠᠭᠠᠵᠢᠮ ᠢᠶᠠᠷ ᠪᠠᠷᠠᠭᠤᠨᠰᠢᠯᠠᠵᠤ ᠭᠤᠪᠢ ᠶᠢᠨ ᠠᠷᠤ ᠶᠢ ᠡᠵᠡᠯᠡᠵᠤ ᠬᠤᠵᠢᠮ ᠤᠨ ᠠᠷᠤ ᠮᠤᠩᠭᠤᠯ ᠪᠤᠯᠪᠠ᠃ ᠲᠠᠶᠠᠨ ᠬᠠᠭᠠᠨ ᠤ ᠤᠳᠬᠤᠨ ᠬᠦᠪᠡᠭᠦᠨ ᠭᠡᠷᠰᠡᠨᠵᠠ ᠵᠠᠯᠠᠶᠢᠷ ᠬᠤᠩ ᠲᠡᠶᠢᠵᠢ ᠠᠷᠤ ᠲᠤᠯᠤᠭᠠᠨ ᠤᠳᠤᠭ ᠬᠠᠯᠬ᠎ᠠ ᠲᠡᠭᠡᠷ᠎ᠠ ᠰᠠᠭᠤᠵᠠᠢ᠃ ᠮᠢᠩ ᠲᠦᠷᠣ ᠶᠢᠨ ᠰᠡᠭᠦᠯᠴᠢ ᠶᠢᠨ ᠦᠶ᠎ᠠ ᠬᠦᠷᠦᠭᠡᠳ ᠲᠦᠰᠢᠶᠠᠳᠤ ᠬᠠᠨ᠂ ᠵᠠᠰᠠᠬᠳᠤ ᠬᠠᠨ᠂ ᠰᠡᠴᠡᠨ ᠬᠠᠨ ᠵᠡᠷᠭᠡ ᠬᠠᠯᠬ᠎ᠠ ᠶᠢᠨ ᠬᠦᠴᠦᠷᠭᠡᠭ ᠶᠡᠭᠡ ᠭᠤᠷᠪᠠᠨ ᠬᠠᠨ ᠠᠶᠢᠮᠠᠭ ᠮᠠᠨᠳᠦᠵᠤ ᠨᠡᠯᠢᠶᠡᠳ ᠶᠡᠭᠡ ᠲᠤᠰᠠᠭᠠᠷ ᠴᠢᠨᠠᠷ ᠲᠠᠢ ᠪᠤᠯᠪᠠ᠃ ︵ᠴᠢᠭᠡᠴᠢ ᠡᠮᠬᠢᠳᠭᠡᠪᠡ︶  
ᠢᠷᠡᠯᠲᠡ᠄ ᠬᠤᠯᠪᠤᠭ᠎ᠠ ᠪᠦᠷᠬᠡ