ᠮᠤᠩᠭᠤᠯ ᠤᠨ ᠡᠯ᠎ᠠ ᠠᠶᠢᠮᠠᠭ ᠤᠨ ᠢᠷᠡᠯ ᠭᠠᠷᠤᠯ ᠤᠨ ᠳᠤᠬᠠᠢ ︵ᠠᠷᠪᠠᠨ ᠨᠢᠭᠡ︶
ᠨᠡᠶᠢᠲᠡᠯᠡᠭᠰᠡᠨ ᠴᠠᠭ᠄
2024/11/17
     ᠠᠷᠪᠠᠨ ᠨᠢᠭᠡ᠂ ᠪᠠᠷᠭᠤ ᠪᠤᠷᠢᠶᠠᠳ ᠠᠶᠢᠮᠠᠭ᠄ ᠪᠠᠷᠭᠤ ᠪᠤᠷᠢᠶᠠᠳ ᠠᠶᠢᠮᠠᠭ ᠪᠣᠯ ᠠᠬ᠎ᠠ ᠳᠡᠭᠦᠦ ᠬᠤᠶᠡᠷ ᠤᠨ ᠬᠤᠶᠢᠴᠢᠰ ᠭᠡᠳᠡᠭ᠃ ᠮᠠᠨ ᠤ ᠮᠣᠩᠭᠤᠯ ᠦᠨᠳᠦᠰᠦᠲᠡᠨ ᠤ ᠳᠣᠲᠤᠷᠠᠬᠢ ᠤᠵᠤᠭᠤᠷ ᠡᠷᠲᠡᠨ ᠤ ᠠᠶᠢᠮᠠᠭ ᠪᠣᠯᠤᠨ᠎ᠠ᠃ ᠬᠢᠲᠠᠳ ᠰᠤᠷᠪᠤᠯᠵᠢ ᠪᠢᠴᠢᠭ ᠲᠤ ︽ᠪᠠ ᠶᠧ ᠵᠢᠢ︾ ︽ᠪᠠ ᠶᠧ ᠭᠦ᠋︾ ︽ᠪᠠ ᠡᠯ ᠾᠦᠨ︾ ︽ᠪᠠ ᠡᠯ ᠬᠦ᠋︾ ︽ᠪᠠ ᠡᠯ ᠦ᠋︾ ᠁ ᠭᠡᠬᠦ ᠮᠡᠲᠦ ᠣᠯᠠᠨ ᠵᠦᠢᠯ ᠢᠶᠠᠷ ᠲᠡᠮᠳᠡᠭᠯᠡᠳᠡᠭ ᠰᠠᠨ᠃ ᠲᠡᠳᠡ ᠨᠠᠷ ᠪᠠᠶᠢᠭᠠᠯ ᠨᠠᠭᠤᠷ ᠤᠨ ᠵᠡᠭᠦᠨ ᠬᠤᠶᠢᠲᠦ ᠪᠠᠷᠭᠤᠵᠢᠨ ᠲᠦᠬᠦᠮ ᠣᠷᠴᠢᠮ ᠳᠤ ᠠᠩ ᠭᠦᠷᠦᠭᠡ ᠵᠢᠭᠠᠰᠤ ᠵᠢᠷᠠᠭᠠᠬᠠᠢ ᠠᠩᠨᠠᠨ ᠠᠮᠢᠳᠤᠷᠠᠵᠤ ᠪᠠᠶᠢᠭᠰᠠᠨ ᠪᠣᠯᠬᠤᠷ ︽ᠣᠢ ᠶᠢᠨ ᠢᠷᠭᠡᠳ︾  ᠲᠤ ᠬᠠᠮᠤᠷᠤᠭᠳᠠᠵᠤ᠂ ᠣᠶᠢᠷᠡᠳ ᠤᠨ ᠬᠤᠯᠪᠤᠭᠠᠨ ᠳᠤ ᠵᠠᠬᠢᠷᠤᠭᠳᠠᠵᠤ ᠪᠠᠶᠢᠵᠠᠢ᠃ ᠴᠢᠩ ᠲᠥᠷᠥ ᠶᠢᠨ ᠡᠩᠬᠡ ᠠᠮᠤᠭᠤᠯᠠᠩ ᠬᠠᠭᠠᠨ ᠤ ᠦᠶ᠎ᠠ ᠳᠤ ᠨᠢᠭᠡ ᠪᠦᠯᠦᠭ ᠪᠠᠷᠭᠤᠴᠣᠳ ᠢ ᠮᠣᠩᠭᠤᠯ ᠨᠠᠢᠮᠠᠨ ᠬᠤᠰᠢᠭᠤᠨ ᠳᠤ ᠪᠠᠭᠲᠠᠭᠠᠨ᠂ ᠶᠡᠭᠡ ᠬᠢᠩᠭᠠᠨ ᠲᠠᠪᠠᠭᠠᠨ ᠠᠴᠠ ᠵᠡᠭᠦᠨᠰᠢ ᠪᠣᠳᠬ᠎ᠠ ᠶᠢᠨ ᠲᠠᠯ᠎ᠠ ᠨᠤᠲᠤᠭ ᠲᠤ ᠲᠣᠬᠢᠷᠠᠭᠤᠯᠵᠠᠢ᠃ ᠪᠠᠰᠠ ᠨᠢᠭᠡᠨ ᠬᠡᠰᠡᠭ ᠢ ᠨᠢ ᠬᠠᠯᠬ᠎ᠠ ᠮᠣᠩᠭᠤᠯ ᠳᠤ ᠬᠤᠪᠢᠶᠠᠨ ᠲᠠᠷᠬᠠᠭᠠᠪᠠ᠃ 1732 ᠣᠨ ᠳᠤ᠂ ᠴᠢᠩ ᠲᠥᠷᠥ ᠠᠴᠠ ᠬᠦᠯᠦᠨ ᠪᠤᠶᠢᠷ ᠣᠷᠣᠨ ᠤ ᠰᠡᠷᠭᠡᠶᠢᠯᠡᠯᠲᠡ ᠪᠠᠨ ᠴᠢᠩᠭᠠᠳᠬᠠᠬᠤ ᠶᠢᠨ ᠲᠥᠯᠥᠭᠡ᠂ ᠰᠣᠯᠣᠨ᠂ ᠳᠠᠭᠤᠷ᠂ ᠣᠷᠴᠣᠨ ᠪᠠ ᠪᠠᠷᠭᠤ ᠪᠤᠷᠢᠶᠠᠳ ᠴᠡᠷᠢᠭ ᠢ ᠭᠡᠷ ᠪᠦᠯᠢ ᠲᠠᠢ ᠨᠢ ᠨᠡᠶᠢᠲᠡ 3796 ᠬᠦᠮᠦᠨ ᠢ ᠨᠡᠭᠦᠯᠭᠡᠨ ᠣᠳᠣᠬᠢ ᠬᠠᠭᠤᠴᠢᠨ ᠪᠠᠷᠭᠤ ᠬᠤᠰᠢᠭᠤᠨ ᠤ ᠨᠤᠲᠤᠭ ᠲᠤ ᠠᠪᠠᠴᠢᠪᠠ᠃ 1734 ᠣᠨ ᠳᠤ᠂ ᠴᠢᠩ ᠲᠥᠷᠥ᠂ ᠬᠠᠯᠬ᠎ᠠ ᠶᠢᠨ ᠰᠡᠴᠡᠨ ᠬᠠᠨ ᠠᠶᠢᠮᠠᠭ ᠠᠴᠠ ᠨᠠᠢᠮᠠᠨ ᠬᠤᠰᠢᠭᠤᠨ ᠳᠤ ᠣᠷᠣᠭᠰᠠᠨ 2400 ᠭᠠᠷᠣᠢ ᠪᠠᠷᠭᠤᠴᠤᠳ ᠢ ᠬᠡᠷᠦᠯᠦᠨ ᠭᠤᠤᠯ ᠤᠨ ᠳᠣᠣᠷᠠᠳᠣ ᠤᠷᠤᠰᠬᠠᠯ ᠬᠦᠯᠦᠨ ᠨᠠᠭᠤᠷ ᠳᠠᠭᠠᠤ ᠣᠳᠣᠬᠢ ᠰᠢᠨ᠎ᠠ ᠪᠠᠷᠭᠤ ᠵᠡᠭᠦᠨ ᠪᠠᠷᠠᠭᠤᠨ ᠬᠤᠰᠢᠭᠤ ᠶᠢᠨ ᠨᠤᠲᠤᠭ ᠲᠤ ᠲᠣᠬᠢᠷᠠᠭᠤᠯᠵᠠᠢ᠃ ᠡᠮᠦᠨ᠎ᠡ ᠬᠤᠶᠢᠨ᠎ᠠ ᠬᠤᠶᠠᠷ ᠵᠢᠯ ᠤᠨ ᠵᠦᠷᠢᠶ᠎ᠡ ᠪᠠᠷ ︽ᠰᠢᠨ᠎ᠠ︾ ︽ᠬᠠᠭᠤᠴᠢᠨ︾ ᠭᠡᠬᠦ ᠢᠯᠭᠠᠯ ᠪᠣᠢ ᠪᠣᠯᠣᠭᠰᠠᠨ ᠪᠠᠶᠢᠵᠠᠢ᠃ ᠶᠡᠷᠦ ᠳᠡᠭᠡᠨ ᠪᠠᠷᠭᠤ ᠪᠣᠯᠣᠨ ᠪᠤᠷᠢᠶᠠᠳ ᠢ ᠬᠤᠯᠪᠤᠵᠤ ᠳᠠᠭᠤᠳᠠᠳᠠᠭ ᠪᠣᠯᠬᠤᠷ ᠠᠳᠡ ᠢᠯᠭᠠᠨ ᠲᠣᠳᠣᠷᠬᠠᠶᠢᠯᠠᠭᠰᠠᠨ ᠦᠭᠡᠢ ᠶᠤᠮ᠃  
ᠢᠷᠡᠯᠲᠡ᠄ ᠬᠤᠯᠪᠤᠭ᠎ᠠ ᠪᠦᠷᠬᠡ